ᠦᠨᠳᠦᠰᠦᠨ ᠤ ᠲᠡᠭᠡᠳᠦ ᠯᠢᠭ ᠦᠨ 2024-2025 ᠣᠨ ᠤ ᠴᠤᠪᠤᠷᠠᠯ ᠤᠨ ᠹᠢᠨᠠᠯ ᠥᠴᠥᠭᠡᠳᠦᠷ ᠥᠨᠳᠥᠷᠯᠡᠵᠦ ᠂ 《 ᠬᠠᠰ ᠤᠨ ᠬᠦᠯᠦᠭ ᠤᠳ 》 ᠪᠠᠭ 《 ᠪᠢᠰᠢᠷᠡᠯᠲᠦ ᠮᠧᠲ᠋ᠠᠯ 》 ᠪᠠᠭ ᠢ 4:2 ᠤᠨ ᠬᠠᠷᠢᠴᠠᠭ᠎ᠠ ᠪᠠᠷ ᠪᠠᠭᠤᠯᠭᠠᠨ ᠠᠪᠤᠭᠰᠠᠨ ᠢᠶᠠᠷ ᠠᠪᠤᠷᠭᠤ ᠶᠢᠨ ᠴᠣᠮᠤ ᠡᠷᠭᠦᠯ᠎ᠡ ᠃ ᠡᠨᠡ ᠵᠢᠯ ᠦᠨ ᠯᠢᠭ ᠦᠨ ᠠᠪᠤᠷᠭᠤ ᠳᠤ 500 ᠰᠠᠶ᠎ᠠ ᠲᠥᠭᠥᠷᠢᠭ ᠦᠨ ᠮᠥᠩᠭᠥᠨ ᠱᠠᠩᠨᠠᠯ ᠳᠠᠭᠠᠯᠳᠤᠬᠤ ᠠᠴᠠ ᠭᠠᠳᠡᠨ᠎ᠡ ᠵᠡᠭᠦᠨ ᠠᠽᠢᠶ᠎ᠠ ᠶᠢᠨ ᠰᠦᠫᠸᠷ ᠯᠢᠭ ᠲᠤ ᠦᠷᠢᠰᠦᠯᠳᠦᠬᠦ ᠡᠷᠬᠡ ᠲᠠᠢ ᠪᠣᠯᠵᠤ ᠪᠠᠢᠨ᠎ᠠ᠃
ᠥᠭᠡᠷ᠎ᠡ ᠪᠡᠷ ᠬᠡᠯᠡᠪᠡᠯ᠂《 ᠬᠠᠰ ᠤᠨ ᠬᠦᠯᠦᠭ ᠤᠳ 》ᠪᠠᠭ ᠵᠡᠭᠦᠨ ᠠᠽᠢᠶ᠎ᠠ ᠶᠢᠨ ᠰᠦᠫᠸᠷ ᠯᠢᠭ︵EASL︶ ᠲᠤ ᠡᠬᠡ ᠣᠷᠤᠨ ᠢᠶᠠᠨ ᠲᠥᠯᠥᠭᠡᠯᠡᠬᠦ ᠠᠩᠬᠠᠨ ᠤ ᠮᠣᠩᠭᠣᠯ ᠪᠠᠭ ᠪᠣᠯᠪᠠ᠃ ᠭᠡᠷ᠎ᠡ ᠶᠢᠨ ᠳᠠᠭᠠᠤ ᠯᠢᠭ ᠦᠨ ᠠᠪᠤᠷᠭᠤ ᠪᠠᠭ ᠢᠷᠡᠬᠦ ᠤᠯᠠᠷᠢᠯ ᠳᠤ ᠵᠡᠭᠦᠨ ᠠᠽᠢᠶ᠎ᠠ ᠶᠢᠨ ᠰᠦᠫᠸᠷ ᠯᠢᠭ ᠦᠨ 《B》ᠬᠡᠰᠡᠭ ᠲᠤ ᠶᠠᠫᠤᠨ᠂ ᠡᠮᠦᠨᠡᠳᠦ ᠰᠣᠯᠣᠩᠭᠣᠰ᠂ ᠹᠢᠯᠢᠫᠢᠨ ᠤ ᠪᠠᠭ ᠤᠳ ᠲᠠᠢ ᠪᠠᠭᠲᠠᠵᠠᠢ ᠃ ᠦᠨᠭᠭᠡᠷᠡᠭ᠍ᠰᠡᠠ ᠤᠯᠠᠷᠢᠯ ᠳᠤ ᠲᠤᠰ ᠯᠢᠭ ᠲᠤ 10 ᠪᠠᠭ ᠲᠣᠭᠯᠠᠵᠤ ᠪᠠᠢᠭᠰᠠᠨ ᠪᠣᠯ 2025-2026 ᠣᠨ ᠳᠤ ᠮᠣᠩᠭᠣᠯ᠂ ᠶᠠᠫᠣᠨ ᠤ ᠪᠠᠭ ᠨᠡᠮᠡᠭ᠍ᠳᠡᠵᠦ ᠪᠡᠢᠨ᠎ᠡ ᠃