ᠪᠣᠺᠰ ᠤᠨ ᠳᠡᠯᠡᠬᠡᠢ ᠶᠢᠨ ᠲᠡᠮᠡᠴᠡᠭᠡᠨ ᠳᠦ ᠭᠤᠷᠪᠠᠨ ᠲᠠᠮᠢᠷᠴᠢᠨ ᠳᠡᠳ᠋ ᠪᠠᠢᠷᠢ ᠳᠤ ᠣᠷᠣᠵᠠᠢ | News.MN

ᠪᠣᠺᠰ ᠤᠨ ᠳᠡᠯᠡᠬᠡᠢ ᠶᠢᠨ ᠲᠡᠮᠡᠴᠡᠭᠡᠨ ᠳᠦ ᠭᠤᠷᠪᠠᠨ ᠲᠠᠮᠢᠷᠴᠢᠨ ᠳᠡᠳ᠋ ᠪᠠᠢᠷᠢ ᠳᠤ ᠣᠷᠣᠵᠠᠢ

ᠫᠤᠯᠠᠨᠳ᠋ ᠤᠯᠤᠰ ᠲᠤ ᠰᠣᠨᠢᠷᠬᠠᠭ᠌ᠴᠢᠳ ᠤᠨ ᠪᠣᠺᠰ ᠤᠨ《 ᠯᠤᠰ ᠠᠩᠵᠧᠯᠧᠰ – 2028》ᠤᠯᠢᠮᠫᠢᠺ ᠤᠨ ᠨᠠᠭᠠᠳᠤᠮ ᠤᠨ ᠣᠨᠤᠭ᠎ᠠ ᠣᠯᠭᠤᠬᠤ ᠳᠡᠯᠡᠬᠡᠢ ᠶᠢᠨ ᠴᠣᠮᠣ ᠶᠢᠨ ᠲᠡᠮᠡᠴᠡᠭᠡᠨ ᠲᠠᠪᠤᠳᠤᠭᠠᠷ ᠰᠠᠷ᠎ᠠ ᠶᠢᠨ 12-16  ᠳᠤ ᠪᠣᠯᠬᠤ ᠳᠤ ᠮᠠᠨ ᠤ ᠤᠯᠤᠰ ᠠᠴᠠ 12 ᠲᠠᠮᠢᠷᠴᠢᠨ ᠣᠷᠣᠯᠴᠠᠭᠰᠠᠨ ᠃

ᠲᠡᠳᠡᠨ ᠦ  ᠳᠤᠮᠳᠠ ᠡᠴᠡ ᠭᠤᠷᠪᠠᠨ ᠲᠠᠮᠢᠷᠴᠢᠨ ᠮᠧᠳᠠᠯ ᠬᠦᠷᠲᠡᠭ᠍ᠰᠡᠨ ᠪᠥᠭᠡᠳ ᠡᠮᠡᠭ᠍ᠲᠡᠢᠴᠦᠳ ᠤᠨ 54 ᠺᠢᠯᠣᠭ᠍ᠷᠠᠮ ᠤᠨ ᠵᠢᠩ ᠳᠤ ᠮ ∙ ᠡᠩᠬᠡᠵᠢᠷᠭᠠᠯ᠂ ᠡᠷᠡᠭ᠍ᠲᠡᠢᠴᠦᠳ ᠤᠨ 54 ᠺᠢᠯᠣᠭ᠍ᠷᠠᠮ ᠳᠤ ᠬ᠎· ᠪᠢᠯᠢᠭᠦᠨᠰᠠᠢᠬᠠᠨ᠂ 50 ᠺᠢᠯᠣᠭ᠍ᠷᠠᠮ ᠳᠤ ᠠ‍᠎· ᠪᠠᠲᠤᠲᠤᠯᠭ᠎ᠠ ᠮᠥᠩᠭᠥᠨ ᠮᠧᠳᠠᠯ ᠬᠦᠷᠲᠡᠭ᠍ᠰᠡᠨ ᠪᠡᠢᠨ᠎ᠡ᠃ ᠮᠣᠩᠭᠣᠯ ᠤᠨ ᠪᠠᠭ ᠲᠠᠮᠢᠷᠴᠢᠳ ᠲᠤᠰ ᠲᠡᠮᠡᠴᠡᠭᠡᠨ ᠤ ᠳᠠᠷᠠᠭ᠎ᠠ ᠭᠸᠷᠮᠡᠠ ᠳᠤ ᠪᠡᠯᠡᠳᠬᠡᠯ ᠳᠤ ᠬᠠᠮᠤᠷᠤᠭᠳᠠᠵᠤ᠂ ᠳᠠᠷᠠᠭ᠎ᠠ ᠨᠢ ᠨᠢᠳᠧᠷᠯᠠᠨᠳ᠋ ᠤᠯᠤᠰ ᠲᠤ ᠣᠯᠠᠨ ᠤᠯᠤᠰ ᠤᠨ ᠲᠡᠮᠡᠴᠡᠭᠡᠨ ᠳᠤ ᠥᠷᠢᠰᠦᠯᠳᠦᠨ᠎ᠡ ᠃

ᠰᠡᠳᠬᠢᠭᠳᠡᠯ ᠦᠯᠡᠳᠡᠭᠡᠬᠦ