ᠭᠣᠪᠢ ᠶᠢᠨ ᠲᠠᠪᠤᠳᠤᠭᠠᠷ ᠳᠦᠷᠢ ᠶᠢᠨ ᠨᠣᠶᠠᠨ ᠬᠤᠲᠤᠭᠲᠤ ᠯᠤᠪᠰᠠᠩᠳᠠᠨᠽᠠᠨᠷᠠᠪᠵᠠᠢ ᠶᠢᠨ ᠮᠡᠨᠳᠦᠯᠡᠭ᠍ᠰᠡᠨ ᠤ 222 ᠵᠢᠯ ᠦᠨ ᠣᠢ ᠶᠢ ᠲᠣᠬᠢᠶᠠᠯᠳᠤᠭᠤᠯᠤᠨ ᠳᠣᠷᠤᠨᠠᠭᠣᠪᠢ ᠠᠢᠮᠠᠭ ᠲᠤ ᠦᠢᠯᠡ ᠠᠵᠢᠯᠯᠠᠭ᠎ᠠ ᠶᠠᠪᠤᠭᠤᠯᠳᠠᠭ《ᠡᠭᠡᠰᠢᠭ᠍ᠯᠡᠩ ᠢᠨᠲ᠋ᠧᠷᠲ᠋ᠧᠢᠮᠧᠨᠲ》ᠺᠣᠮᠫᠠᠨᠢ ᠲᠤᠰᠬᠠᠢ ᠵᠠᠭᠪᠤᠷ ᠤᠨ 222 ᠮᠤᠷᠢᠨ ᠬᠤᠭᠤᠷ ᠬᠤᠳᠠᠯᠳᠤᠭᠠᠨ ᠳᠤ ᠭᠠᠷᠭᠠᠬᠤ ᠰᠠᠨᠠᠭᠠᠴᠢᠯᠠᠭ᠎ᠠ ᠭᠠᠷᠭᠠᠵᠤ ᠠᠵᠢᠯ ᠬᠡᠷᠡᠭ ᠪᠣᠯᠭᠠᠵᠠᠢ᠃ ᠮᠤᠷᠢᠨ ᠬᠤᠭᠤᠷ ᠤᠨ ᠬᠡᠯᠪᠡᠷᠢ ᠬᠢᠴᠡ᠂ ᠳ᠋ᠢᠽᠠᠢᠨ ᠢ ᠵᠢᠷᠤᠭᠠᠴᠢ ᠳ· ᠭᠠᠩᠫᠥ᠋ᠷᠪᠦ ᠭᠠᠷᠭᠠᠭᠰᠠᠨ ᠪᠣᠯ ᠬᠤᠭᠤᠷ ᠢ ᠤᠷᠠᠯᠠᠭᠠᠴᠢ ᠳ· ᠳᠠᠸᠠᠵᠠᠪ ᠤᠷᠠᠯᠠᠵᠠᠢ ᠃
ᠮᠤᠷᠢᠨ ᠬᠤᠭᠤᠷ ᠬᠤᠳᠠᠯᠳᠤᠵᠤ ᠠᠪᠤᠭᠰᠠᠨ ᠬᠥᠮᠥᠰ ᠲᠤ ᠲᠤᠰᠬᠠᠶ ᠭᠡᠷᠡᠴᠢᠯᠡᠭᠡ ᠳᠠᠭᠠᠯᠳᠤᠵᠦ ᠣᠴᠢᠬᠤ ᠪᠥᠭᠡᠳ ᠭᠡᠷᠡᠴᠢᠯᠡᠭᠡ ᠶᠢᠨ ᠳᠡᠭᠡᠷ᠎ᠡ ᠬᠤᠭᠤᠷ ᠤᠨ ᠣᠨᠴᠠᠯᠢᠭ᠂ ᠤᠳᠬ᠎ᠠ ᠠᠭᠤᠯᠭ᠎ᠠ ᠪᠦᠬᠦᠢ ᠱᠠᠭᠠᠷᠳᠠᠯᠭ᠎ᠠ ᠲᠠᠢ ᠮᠡᠳᠡᠭᠡᠯᠡᠯ ᠢ ᠰᠠᠢᠨᠱᠠᠩᠳᠠ ᠰᠤᠮᠤ ᠶᠢᠨ ᠶᠡᠷᠦᠩᠬᠡᠶ ᠪᠣᠯᠪᠠᠰᠤᠷᠠᠯ ᠤᠨ ᠲᠠᠪᠤᠳᠤᠭᠠᠷ ᠰᠤᠷᠭᠠᠭᠤᠯᠢ ᠶᠢᠨ ᠮᠣᠩᠭᠣᠯ ᠬᠡᠯᠡ ᠤᠷᠠᠨ ᠵᠣᠬᠢᠶᠠᠯ ᠤᠨ ᠪᠠᠭ᠌ᠰᠢ ᠡ᠊· ᠬᠠᠨᠳᠠᠰᠦᠷᠥᠩ ᠮᠣᠩᠭᠣᠯ ᠪᠢᠴᠢᠭ ᠢᠶᠡᠷ ᠤᠷᠠᠨ ᠪᠢᠴᠢᠯᠭᠡ ᠶᠢᠨ ᠥᠩᠭᠡ ᠠᠶᠠᠰ ᠣᠷᠣᠭᠤᠯᠤᠨ ᠪᠢᠴᠢᠭ᠍ᠰᠡᠨ ᠪᠡᠢᠨ᠎ᠡ ᠃
ᠬᠤᠭᠤᠷ ᠢ ᠨᠣᠶᠠᠨ ᠭᠡᠭᠡᠨᠲᠡᠨ ᠤ ᠤᠨᠤᠵᠤ᠂ ᠡᠳ᠋ᠯᠡᠵᠦ ᠪᠠᠢᠭᠰᠠᠨ ᠬᠡᠭᠡᠷ᠎ᠡ ᠮᠣᠷᠢ ᠶᠢ ᠵᠢᠰᠦᠯᠡᠵᠦ᠂ ᠲᠡᠭᠡᠳᠦ ᠬᠡᠰᠡᠭ ᠲᠤ ᠪᠠᠨ ᠭᠤᠤ ᠳᠣᠲᠣᠷ᠎ᠠ ᠬᠠᠭᠠᠰ ᠲᠣᠪᠤᠭᠤᠷ ᠬᠡᠯᠪᠡᠷᠢ ᠪᠡᠷ ᠰᠢᠳᠦᠭᠡᠠ ᠪᠠᠷᠢᠮᠠᠯ ᠢ ᠲᠣᠪᠣᠢᠯᠭᠠᠨ ᠤᠷᠠᠯᠠᠵᠤ ᠂ ᠳᠡᠭᠡᠷ᠎ᠡ ᠨᠢ ᠨᠣᠭᠤᠭᠠᠨ ᠳ᠋ᠠᠷ᠎ᠠ ᠡᠬᠡ ᠶ᠋ᠢ ᠵᠠᠯᠠᠵᠤ ᠂ ᠪᠠᠳᠮᠠᠯᠢᠩᠬᠸᠠ ᠴᠡᠴᠡᠭ ᠢᠶᠡᠷ ᠰᠢᠭᠢᠳᠬᠡᠨ ᠤᠷᠠᠯᠠᠵᠠᠢ ᠃