《ᠳᠤᠮᠳᠠᠳᠤᠴᠤᠳ ᠤᠨ ᠨᠡᠢᠭᠡᠮ᠄ ᠤᠮᠠᠷᠠᠲᠤ ᠶᠢᠨ ᠬᠥᠭ᠍ᠵᠢᠯ ᠤᠨ ᠵᠠᠭᠪᠤᠷ 》 ᠪᠦᠲᠦᠭᠡᠯ ᠤᠨ ᠨᠡᠭᠡᠭᠡᠯᠳᠡ ᠪᠣᠯᠪᠠ | News.MN

《ᠳᠤᠮᠳᠠᠳᠤᠴᠤᠳ ᠤᠨ ᠨᠡᠢᠭᠡᠮ᠄ ᠤᠮᠠᠷᠠᠲᠤ ᠶᠢᠨ ᠬᠥᠭ᠍ᠵᠢᠯ ᠤᠨ ᠵᠠᠭᠪᠤᠷ 》 ᠪᠦᠲᠦᠭᠡᠯ ᠤᠨ ᠨᠡᠭᠡᠭᠡᠯᠳᠡ ᠪᠣᠯᠪᠠ

ᠠᠬᠠᠮᠡᠦᠠ ᠳ᠋ᠢᠫᠯᠣᠮᠠᠲᠴᠢ᠂ ᠳ᠋ᠣᠺᠲ᠋ᠣᠷ ᠪ∙ᠡᠩᠬᠡᠮᠠᠨᠳᠤᠬᠤ᠂ ᠲᠡᠭᠦᠨ ᠤ ᠦᠬᠢᠨ᠂ ᠮᠣᠩᠭᠣᠯ ᠤᠯᠤᠰ ᠤᠨ ᠶᠡᠭᠡ᠎ ᠰᠤᠷᠭᠠᠭᠤᠯᠢ ᠶᠢᠨ ᠠᠬᠠᠯᠠᠬᠤ ᠪᠠᠭ᠌ᠰᠢ᠂ ᠳ᠋ᠣᠺᠲ᠋ᠣᠷ ᠡ᠊᠎∙ ᠡᠩᠬᠡᠴᠢᠮᠡᠭ  ᠤᠨ ᠬᠠᠮᠲᠤ ᠶ᠋ᠢᠨ ᠪᠦᠲᠦᠭᠡᠯ 《ᠳᠤᠮᠳᠠᠳᠤᠴᠤᠳ ᠤᠨ ᠨᠡᠢᠭᠡᠮ ᠄ ᠤᠮᠠᠷᠠᠲᠤ ᠶᠢᠨ ᠬᠥᠭ᠍ᠵᠢᠯ ᠤᠨ ᠵᠠᠭᠪᠤᠷ 》 ᠴᠣᠮᠤᠭ ᠤᠨ ᠨᠡᠭᠡᠭᠡᠯᠳᠡ ᠭᠠᠳᠠᠭᠠᠳᠤ ᠬᠠᠷᠢᠯᠴᠠᠭᠠᠨ ᠤ ᠶᠠᠮᠤᠨ ᠳᠤ ᠪᠣᠯᠣᠯ᠎ᠠ ᠃

ᠪ∙ᠡᠩᠬᠡᠮᠠᠨᠳᠤᠬᠤ ᠨᠢ ᠰᠸᠧᠳ᠋ᠸᠨ ᠦ ᠬᠠᠭᠠᠨᠲᠤ ᠤᠯᠤᠰ ᠲᠤ ᠮᠣᠩᠭᠣᠯ ᠤᠯᠤᠰ ᠤᠨ ᠡᠯᠴᠢᠨ ᠰᠠᠢᠳ ᠤᠨ ᠶᠠᠮᠤᠨ ᠢ ᠠᠩᠬᠠᠯᠠᠨ ᠪᠠᠢᠭᠤᠯᠬᠤ ᠳᠤ ᠭᠠᠷ ᠪᠡᠶ᠎ᠠ ᠣᠷᠣᠯᠴᠠᠵᠤ᠂ 2009-2013 ᠣᠨ ᠤ ᠬᠤᠭᠤᠷᠦᠡᠳᠦ ᠡᠯᠴᠢᠨ ᠰᠠᠢᠳ ᠢᠶᠠᠷ ᠠᠵᠢᠯᠯᠠᠬᠤ ᠬᠤᠭᠤᠴᠠᠭᠠᠨ ᠳᠤ ᠪᠠᠨ ᠤᠮᠠᠷᠠᠲᠤ ᠶᠢᠨ ᠣᠷᠣᠨ ᠨᠤᠭᠤᠳ ᠪᠤᠶᠤ ᠰᠺᠠᠨᠳᠢᠨᠠᠸᠢᠶᠠ ᠶᠢᠨ ᠣᠷᠣᠨ ᠨᠤᠭᠤᠳ ᠤᠨ ᠬᠥᠭ᠍ᠵᠢᠯ ᠤᠨ ᠵᠠᠭᠪᠤᠷ᠂ ᠲᠡᠳᠡᠭᠡᠷ ᠤᠨ ᠣᠨᠴᠠᠯᠢᠭ ᠤᠨ ᠲᠠᠯ᠎ᠠ ᠪᠠᠷ ᠣᠯᠠᠨ ᠨᠡᠢᠲᠡ ᠳᠤ ᠣᠢᠯᠭᠠᠯᠲᠠ ᠦᠭ᠍ᠬᠦ ᠵᠣᠷᠢᠯᠭ᠎ᠠ ᠪᠠᠷ ᠴᠤᠪᠤᠷᠠᠯ ᠢᠶᠠᠷ ᠪᠢᠴᠢᠵᠦ ᠡᠬᠢᠯᠡᠭ᠍ᠰᠡᠨ ᠪᠡᠢᠨ᠎ᠡ᠃ ᠲᠡᠷᠡ ᠪᠡᠷ《ᠨᠡᠢᠭᠡᠮ ᠤᠨ ᠬᠥᠭ᠍ᠵᠢᠯ ᠤᠨ ᠵᠠᠭᠪᠤᠷ ᠤᠨ ᠲᠤᠬᠠᠶ 》᠂《ᠳᠤᠮᠳᠠᠳᠤᠴᠤᠳ  ᠢ ᠲᠦᠰᠢᠨ ᠬᠥᠭ᠍ᠵᠢᠬᠦ ᠬᠥᠭ᠍ᠵᠢᠯ ᠤᠨ ᠬᠠᠨᠳᠤᠯᠭ᠎ᠠ ᠪᠠ ᠮᠣᠩᠭᠣᠯ ᠣᠷᠣᠨ》ᠪᠦᠲᠦᠭᠡᠯ ᠢᠶᠡᠨ ᠬᠡᠪᠯᠡᠭᠦᠯᠵᠦ᠂ ᠣᠯᠠᠨ ᠤ ᠬᠦᠷᠲᠡᠭᠡᠯ ᠪᠣᠯᠭᠠᠵᠠᠢ᠃ ᠮᠥᠨ《ᠰᠡᠢᠬᠠᠠ ᠠᠮᠢᠳᠤᠷᠠᠭᠤᠯᠬᠤ ᠵᠤᠷ᠄ ᠤᠮᠠᠷᠠᠲᠤ ᠶᠢᠨ ᠣᠷᠣᠨ ᠨᠤᠭᠤᠳ ᠤᠨ ᠲᠤᠷᠰᠢᠯᠭ᠎ᠠ》᠂《ᠳ᠋ᠠᠨᠮᠠᠷᠺ ᠵᠠᠭᠪᠤᠷ ᠄ ᠡᠸᠦ᠋ᠷᠦᠫᠡ ᠶᠢᠨ ᠠᠮᠵᠢᠯᠲᠠ ᠶᠢᠨ ᠲᠡᠦᠬᠡ 》ᠨᠣᠮ ᠢ ᠠᠯᠪᠠᠨ ᠶᠣᠰᠣᠨ ᠤ ᠵᠥᠪᠰᠢᠶᠡᠷᠡᠯ ᠲᠠᠢ ᠪᠠᠷ ᠬᠥᠷᠪᠡᠭᠦᠯᠦᠭ᠍ᠰᠡᠨ  ᠪᠢᠯᠡ᠃ ᠲᠡᠳᠡᠭᠡᠷ ᠳᠥᠷᠪᠡᠨ ᠪᠦᠲᠦᠭᠡᠯ ᠢ ᠨᠢᠭᠡᠳᠬᠡᠨ ᠬᠡᠪᠯᠡᠭᠦᠯᠦᠭ᠍ᠰᠡᠨ ᠨᠢ ᠥᠨᠥᠳᠥᠷ ᠡᠴᠡ ᠤᠩᠰᠢᠭ᠌ᠴᠢᠳ ᠤᠨ ᠭᠠᠷ ᠳᠡᠭᠡᠷ᠎ᠡ ᠣᠴᠢᠵᠤ ᠪᠤᠶ ᠳᠡᠭᠡᠷᠡᠬᠢ ᠴᠣᠮᠣᠭ ᠶᠤᠮ᠃

ᠰᠡᠳᠬᠢᠭᠳᠡᠯ ᠦᠯᠡᠳᠡᠭᠡᠬᠦ