ᠺᠠᠨᠠᠳᠠ ᠳᠤ ᠠᠮᠢᠳᠤᠷᠠᠳᠠᠭ ᠪ∙ᠨᠣᠮᠢᠨ ᠡᠨᠡ ᠰᠠᠷ᠎ᠠ ᠶᠢᠨ ᠡᠬᠢ ᠪᠡᠷ ᠺᠠᠨᠠᠳᠠ ᠶᠢᠨ ᠲᠤᠷᠤᠨᠲ᠋ᠤ᠋ ᠬᠣᠲᠠᠨ᠎ᠠ ᠵᠣᠬᠢᠶᠠᠭᠳᠠᠭᠰᠠᠨ《Canadian Model & Talent Convention》ᠲᠡᠮᠡᠴᠡᠭᠡᠨ ᠤ《Commercial Print Model》ᠠᠩᠭᠢᠯᠠᠯ ᠳᠤ ᠲᠡᠷᠢᠬᠦᠠ ᠪᠠᠢᠷᠢ ᠡᠵᠡᠯᠡᠵᠡᠢ᠃
ᠺᠠᠨᠠᠳᠠ ᠶᠢᠨ ᠡᠷᠡᠭᠦᠯ ᠮᠡᠨᠳᠦ ᠶᠢᠨ ᠶᠠᠮᠤᠨ ᠳᠤ ᠪᠣᠳᠣᠯᠭ᠎ᠠ ᠶᠢᠨ ᠰᠢᠨᠵᠢᠭᠡᠴᠢ ᠪᠠᠷ ᠠᠵᠢᠯᠯᠠᠬᠤ ᠶᠢᠨ ᠬᠠᠵᠠᠭᠤ ᠪᠠᠷ ᠬᠤᠪᠴᠠᠰᠤ ᠵᠠᠭᠪᠤᠷ ᠪᠤᠯᠦᠠ ᠺᠢᠨᠣ᠋ ᠤᠷᠠᠯᠢᠭ ᠤᠨ ᠰᠠᠯᠪᠤᠷᠢ ᠳᠤ 15 ᠵᠢᠯ ᠠᠵᠢᠯᠯᠠᠵᠤ ᠪᠤᠶ ᠲᠡᠷᠡ ᠪᠡᠷ ᠣᠯᠠᠨ ᠤᠯᠤᠰ ᠤᠨ ᠵᠠᠭᠪᠤᠷ ᠤᠨ ᠰᠡᠳᠬᠦᠯ᠂ ᠠᠺᠸᠨ᠋ᠲᠯᠢᠭ ᠤᠳ ᠲᠠᠢ ᠬᠠᠮᠲᠤᠷᠠᠵᠤ ᠰᠤᠷᠳᠠᠯᠴᠢᠯᠠᠭᠠᠨ ᠤ ᠸᠢᠳᠢᠣ᠋᠂ ᠹᠤᠲ᠋ᠤ᠋ ᠵᠢᠷᠤᠭ᠂ ᠺᠢᠨᠣ᠋᠂ ᠲᠧᠯᠸᠢᠰ ᠤᠨ 150 ᠭᠠᠷᠦᠢ ᠲᠥᠰᠥᠯ ᠳᠤ ᠣᠷᠣᠯᠴᠠᠵᠠᠢ᠃ ᠮᠥᠨ ᠮᠣᠩᠭᠣᠯ ᠤᠨ ᠰᠤᠶᠦᠯ ᠠᠬᠤᠢ ᠶᠢ ᠬᠠᠷᠠᠭᠤᠯᠤᠭᠰᠠᠨ《Burn Your Maps》ᠺᠢᠨᠣ᠋ ᠳᠤ ᠳᠦᠷᠢ ᠪᠦᠲᠦᠭᠡᠭ᠍ᠰᠡᠨ ᠪᠡᠢᠨ᠎ᠡ ᠃