ᠪ ∙ ᠪᠡᠲᠦᠴᠡᠴᠡᠭ ᠢᠨᠳᠣᠨᠧᠽ ᠤᠯᠤᠰ ᠲᠤ ᠠᠯᠪᠠᠨ ᠶᠣᠰᠣᠨ ᠤ ᠠᠢᠯᠴᠢᠯᠠᠯ ᠬᠢᠨ᠎ᠡ | News.MN

ᠪ ∙ ᠪᠡᠲᠦᠴᠡᠴᠡᠭ ᠢᠨᠳᠣᠨᠧᠽ ᠤᠯᠤᠰ ᠲᠤ ᠠᠯᠪᠠᠨ ᠶᠣᠰᠣᠨ ᠤ ᠠᠢᠯᠴᠢᠯᠠᠯ ᠬᠢᠨ᠎ᠡ

ᠭᠠᠳᠠᠭᠠᠳᠤ ᠬᠠᠷᠢᠯᠴᠠᠭᠠᠨ ᠤ ᠰᠠᠢᠳ ᠪ ∙ ᠪᠡᠲᠦᠴᠡᠴᠡᠭ ᠪᠦᠬᠦᠳᠠ ᠨᠠᠢᠷᠠᠮᠳᠠᠬᠤ ᠢᠨᠳᠣᠨᠧᠽ ᠤᠯᠤᠰ ᠤᠨ ᠭᠠᠳᠠᠭᠠᠳᠤ ᠬᠡᠷᠡᠭ ᠦᠨ ᠰᠠᠢᠳ  ᠰᠤᠭᠢᠶᠤᠨᠤ᠋ ᠶᠢᠨ ᠤᠷᠢᠯᠭ᠎ᠠ ᠪᠠᠷ ᠡᠨᠡ ᠰᠠᠷ᠎ᠠ ᠶᠢᠨ 21-22 ᠲᠤᠰ ᠤᠯᠤᠰ ᠲᠤ ᠠᠯᠪᠠᠨ ᠶᠣᠰᠣᠨ ᠤ ᠠᠢᠯᠴᠢᠯᠠᠯ ᠬᠢᠨ᠎ᠡ ᠃ ᠡᠨᠡ ᠬᠦ ᠠᠢᠯᠴᠢᠯᠠᠯ ᠨᠢ ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠢᠳ ᠤᠨ ᠲᠦᠪᠰᠢᠨ ᠳᠦ 1982 ᠣᠨ ᠠᠴᠠ ᠬᠤᠢᠰᠢ ᠪᠤᠶᠤ 43 ᠵᠢᠯ ᠦᠨ ᠳᠠᠷᠠᠭ᠎ᠠ ᠢᠨᠳᠣᠨᠧᠽ ᠤᠯᠤᠰ ᠲᠤ ᠬᠡᠷᠡᠭ᠍ᠵᠢᠭᠦᠯᠵᠦ ᠪᠤᠶ ᠠᠯᠪᠠᠨ ᠶᠣᠰᠣᠨ ᠤ ᠠᠢᠯᠴᠢᠯᠠᠯ ᠶᠤᠮ ᠃

ᠠᠢᠯᠴᠢᠯᠠᠯ ᠤᠨ ᠦᠶ᠎ᠡ ᠳᠤ ᠪ ∙ ᠪᠡᠲᠦᠴᠡᠴᠡᠭ ᠢᠨᠳᠣᠨᠧᠽ ᠤᠯᠤᠰ ᠤᠨ ᠠᠷᠠᠳ ᠤᠨ ᠵᠥᠪᠯᠡᠯ ᠤᠨ ᠠᠰᠰᠡᠮᠪᠯᠸᠢ ᠶᠢᠨ ᠳᠠᠷᠤᠭ᠎ᠠ  ᠠᠾᠮᠠᠳ᠋  ᠮᠤᠽᠠᠨᠢ ᠳᠤ ᠪᠠᠷᠠᠯᠠᠬᠠᠵᠤ᠂ ᠭᠠᠳᠠᠭᠠᠳᠤ ᠬᠡᠷᠡᠭ ᠦᠨ ᠰᠠᠢᠳ ᠰᠤᠭᠢᠶᠤᠨᠤ᠋ ᠲᠠᠢ ᠠᠯᠪᠠᠨ ᠶᠣᠰᠣᠨ ᠤ ᠬᠡᠯᠡᠯᠴᠡᠭᠡ ᠬᠢᠨ᠎ᠡ᠃  ᠡᠨᠡ ᠬᠦ ᠠᠢᠯᠴᠢᠯᠠᠯ ᠤᠨ ᠭᠣᠣᠯ ᠵᠣᠷᠢᠯᠭ᠎ᠠ ᠨᠢ ᠡᠮᠦᠨᠡᠳᠦ ᠠᠽᠢ ᠶᠢᠨ ᠣᠷᠣᠨ ᠨᠤᠭᠤᠳ ᠤᠨ ᠬᠠᠮᠲᠤ ᠶᠢᠨ ᠨᠡᠢᠭᠡᠮᠯᠢᠭ ᠦᠨ ᠨᠦᠯᠤᠬᠡ ᠪᠦᠬᠦᠢ ᠢᠨᠳᠣᠨᠧᠽ ᠤᠯᠤᠰ ᠲᠠᠢ ᠨᠠᠢᠷᠰᠠᠭ ᠬᠠᠷᠢᠯᠴᠠᠭ᠎ᠠ᠂ ᠬᠠᠮᠲᠤ ᠶ᠋ᠢᠨ ᠠᠵᠢᠯᠯᠠᠭ᠎ᠠ ᠶᠢ ᠥᠷᠭᠡᠵᠢᠭᠦᠯᠦᠨ ᠬᠥᠭ᠍ᠵᠢᠭᠦᠯᠬᠦ ᠂ ᠤᠯᠤᠰ ᠲᠥᠷᠦ ᠶᠢᠨ ᠶᠠᠷᠢᠶ᠎ᠠ ᠬᠡᠯᠡᠯᠴᠡᠭᠡ ᠶᠢ ᠢᠳᠡᠪᠬᠢᠵᠢᠭᠦᠯᠵᠦ᠂ ᠣᠯᠠᠨ ᠤᠯᠤᠰ᠂ ᠪᠦᠰᠡ ᠨᠤᠲᠤᠭ ᠤᠨ ᠬᠠᠮᠲᠤ ᠶ᠋ᠢᠨ ᠠᠵᠢᠯᠯᠠᠭᠠᠨ ᠤ ᠬᠠᠷᠢᠯᠴᠠᠨ ᠰᠣᠨᠢᠷᠬᠠᠭᠰᠠᠨ ᠠᠰᠠᠭᠤᠳᠠᠯ ᠢᠶᠠᠷ ᠰᠠᠨᠠᠯ ᠰᠣᠯᠢᠯᠴᠠᠬᠤ ᠳᠤ ᠣᠷᠣᠰᠢᠵᠤ ᠪᠡᠢᠨ᠎ᠡ ᠃

ᠰᠡᠳᠬᠢᠭᠳᠡᠯ ᠦᠯᠡᠳᠡᠭᠡᠬᠦ