ᠤᠭ ᠤᠨ ᠪᠢᠴᠢᠭ ᠬᠦᠳᠦᠯᠬᠦ ᠰᠤᠷᠭᠠᠯᠲᠠ ᠪᠣᠯᠪᠠ | News.MN

ᠤᠭ ᠤᠨ ᠪᠢᠴᠢᠭ ᠬᠦᠳᠦᠯᠬᠦ ᠰᠤᠷᠭᠠᠯᠲᠠ ᠪᠣᠯᠪᠠ

ᠮᠣᠩᠭᠣᠯᠴᠤᠳ ᠪᠢᠳᠡᠨ ᠤ ᠡᠪᠦᠭᠡ ᠲᠡᠭᠡᠳᠦᠰ ᠡᠷᠲᠡ ᠳᠡᠭᠡᠷ᠎ᠡ ᠦᠶ᠎ᠡ ᠡᠴᠡ  ᠤᠭ ᠤᠨ ᠪᠢᠴᠢᠭ ᠬᠦᠳᠦᠯᠬᠦ ᠨᠡᠷᠢᠠ ᠠᠷᠭ᠎ᠠ ᠤᠬᠠᠭᠠᠨ ᠲᠠᠢ ᠂ ᠲᠡᠭᠦᠨ ᠢ ᠪᠡᠨ ᠥᠪᠯᠡᠭᠦᠯᠤᠨ ᠵᠢᠭᠠᠵᠤ ᠂ ᠰᠤᠷᠭᠠᠵᠤ ᠢᠷᠡᠭ᠍ᠰᠡᠨ ᠠᠷᠠᠳ ᠲᠦᠮᠡᠨ ᠃

ᠡᠨᠡ ᠬᠦ ᠰᠣᠶᠤᠯ ᠤᠨ ᠪᠡᠶᠡᠲᠦ ᠪᠤᠰᠤ ᠥᠪ ᠪᠣᠯᠣᠭᠰᠠᠨ ᠤᠭ ᠤᠨ ᠪᠢᠴᠢᠭ ᠬᠦᠳᠦᠯᠬᠦ ᠠᠷᠭ᠎ᠠ ᠤᠬᠠᠭᠠᠨ ᠠᠴᠠ ᠰᠤᠷᠦᠯᠴᠡᠬᠤ ᠂ ᠲᠦᠭᠡᠭᠡᠨ ᠳᠡᠯᠭᠡᠷᠡᠭᠦᠯᠬᠦ ᠨᠢ ᠬᠣᠢᠴᠢ ᠦᠶ᠎ᠡ ᠳᠡᠬᠡᠨ ᠥᠪᠯᠡᠭᠦᠯᠤᠨ ᠦᠯᠡᠳᠡᠭᠡᠬᠦ ᠵᠡᠢᠯᠡᠰᠢ ᠦᠭᠡᠢ ᠬᠡᠷᠡᠭ᠍ᠵᠢᠭᠦᠯᠬᠦ ᠴᠢᠬᠤᠯᠠ ᠠᠵᠢᠯ ᠤᠨ ᠨᠢᠭᠡ ᠪᠣᠯᠣᠭᠠᠳ ᠪᠠᠢᠭ᠎ᠠ ᠶᠤᠮ ᠃

ᠡᠭᠦᠨ ᠳᠦ ᠰᠡᠯᠡᠩᠭᠡ ᠠᠢᠮᠠᠭ ᠤᠨ ᠡᠷᠡᠭᠦᠯ ᠮᠡᠨᠳᠦ ᠶᠢᠨ ᠭᠠᠵᠠᠷ ᠤᠨ ᠡᠮᠴᠢ ᠮᠡᠷᠭᠡᠵᠢᠯᠲᠡᠨ ᠂ ᠠᠵᠢᠯᠲᠠᠨ ᠠᠯᠪᠠᠨ ᠬᠠᠭᠠᠭ᠌ᠴᠢᠳ ᠦᠨᠭᠭᠡᠷᠡᠭ᠍ᠰᠡᠠ ᠪᠠᠰᠠᠩ ᠭᠠᠷᠠᠭ ᠲᠤ 《 ᠤᠭ ᠤᠨ ᠪᠢᠴᠢᠭ ᠬᠦᠳᠦᠯᠬᠦ 》 ᠰᠤᠷᠭᠠᠯᠲᠠ ᠳᠤ ᠬᠠᠮᠤᠷᠤᠭᠳᠠᠵᠠᠢ ᠃

ᠰᠤᠷᠭᠠᠯᠲᠠ ᠶᠢ ᠥᠪᠦᠷᠬᠠᠩᠭᠠᠢ ᠠᠢᠮᠠᠭ ᠤᠨ ᠬᠠᠷᠠᠬᠣᠷᠢᠨ ᠰᠤᠮᠤ ᠶᠢᠨ《ᠨᠠᠷᠠᠨ ᠤ ᠠᠯᠲᠠᠨ ᠣᠨᠢᠰᠤ》ᠲᠥᠷᠦ ᠶᠢᠨ ᠪᠤᠰᠤ ᠪᠠᠢᠭᠤᠯᠤᠯᠭ᠎ᠠ ᠶᠢᠨ ᠰᠤᠷᠭᠠᠭ᠌ᠴᠢ ᠪᠠᠭ᠌ᠰᠢ ᠰ ᠎∙ ᠦᠷᠭᠡᠨᠬᠠᠨᠳᠠ᠂ ᠪ ∙ ᠠᠯᠲᠠᠨᠴᠠᠴᠡᠭ ᠂ ᠨ᠎ ᠎∙ ᠡᠷᠬᠢᠮᠪᠠᠶᠠᠷ᠂ ᠰᠡᠯᠡᠩᠭᠡ ᠠᠢᠮᠠᠭ ᠤᠨ ᠣᠷᠣᠭ ᠤᠳᠤᠮ᠂ ᠥᠪ ᠰᠣᠶᠤᠯ ᠤᠨ ᠬᠣᠯᠪᠤᠭᠠᠨ ᠤ ᠭᠡᠰᠢᠭᠦᠨ ᠳ᠎ ᠎∙ ᠮᠢᠭ᠌ᠮᠠᠷᠵᠠᠪ ᠨᠠᠷ ᠤᠳᠤᠷᠢᠳᠤᠨ ᠶᠠᠪᠤᠭᠤᠯᠤᠭᠰᠠᠨ ᠪᠡᠢᠨ᠎ᠡ ᠃

ᠰᠤᠷᠭᠠᠯᠲᠠ ᠪᠠᠷ ᠤᠭ ᠤᠨ ᠪᠢᠴᠢᠭ ᠬᠦᠳᠦᠯᠬᠦ ᠲᠤᠯᠭᠠᠮᠳᠠᠭᠰᠠᠨ ᠱᠠᠭᠠᠷᠳᠠᠯᠭ᠎ᠠ᠂ ᠴᠢᠰᠤ ᠣᠢᠢᠷᠠᠲᠤᠯᠲᠠ ᠲᠡᠭᠦᠨ ᠤ ᠤᠷᠰᠢᠭ ᠂ ᠦᠷ᠎ᠡ ᠳᠠᠭᠠᠪᠤᠷᠢ᠂ ᠤᠭ ᠤᠨ ᠪᠢᠴᠢᠭ᠍ᠯᠡᠯ ᠬᠢᠬᠦ ᠳᠤ ᠬᠤᠯᠪᠦᠬᠳᠡᠬᠤ ᠮᠡᠳᠡᠭᠡᠯᠡᠯ᠂ ᠦᠯᠢᠭᠡᠷᠴᠢᠯᠡᠭ᠍ᠰᠡᠨ ᠵᠠᠭᠪᠤᠷ᠂ ᠣᠷᠣᠭ ᠲᠥᠷᠥᠯ ᠤᠨ ᠬᠣᠯᠪᠤᠭᠠᠨ ᠤ ᠤᠯᠠᠮᠵᠢᠯᠠᠯᠲᠤ ᠨᠡᠷ᠎ᠡ ᠨᠡᠷᠡᠰᠢᠯ ᠤᠨ ᠲᠠᠯ᠎ᠠ ᠪᠠᠷ ᠮᠡᠳᠡᠭᠡᠯᠡᠯ  ᠥᠭ᠍ᠴᠦ᠂ ᠤᠭ ᠤᠨ ᠪᠢᠴᠢᠭ᠍ᠯᠡᠯ ᠬᠦᠳᠦᠯᠬᠦ ᠦᠯᠢᠭᠡᠷᠴᠢᠯᠡᠭ᠍ᠰᠡᠨ ᠵᠠᠭᠪᠤᠷ ᠪᠤᠯᠦᠠ ᠵᠢᠷᠤᠭᠯᠠᠯ ᠬᠢᠬᠦ ᠠᠷᠭᠠᠴᠢᠯᠠᠯ ᠢᠶᠠᠷ ᠳᠠᠳᠤᠯᠭ᠎ᠠ ᠠᠵᠢᠯ ᠬᠢᠭ᠍ᠰᠡᠨ ᠪᠡᠢᠢᠨ᠎ᠡ ᠃

ᠰᠡᠳᠬᠢᠭᠳᠡᠯ ᠦᠯᠡᠳᠡᠭᠡᠬᠦ