ᠦᠷᠡᠨ ᠦ ᠣᠯᠠᠨ ᠤᠯᠤᠰ ᠤᠨ ᠢᠲᠡᠭᠡᠮᠵᠢᠯᠡᠭ᠍ᠳᠡᠭ᠍ᠰᠡᠨ ᠯᠠᠪᠣᠷᠠᠲ᠋ᠣᠷᠢ ᠪᠠᠢᠭᠤᠯᠤᠨ᠎ᠠ | News.MN

ᠦᠷᠡᠨ ᠦ ᠣᠯᠠᠨ ᠤᠯᠤᠰ ᠤᠨ ᠢᠲᠡᠭᠡᠮᠵᠢᠯᠡᠭ᠍ᠳᠡᠭ᠍ᠰᠡᠨ ᠯᠠᠪᠣᠷᠠᠲ᠋ᠣᠷᠢ ᠪᠠᠢᠭᠤᠯᠤᠨ᠎ᠠ

ᠮᠣᠩᠭᠣᠯ᠂ ᠹᠷᠠᠨᠼᠢ ᠶᠢᠨ ᠵᠠᠰᠠᠭ ᠤᠨ ᠭᠠᠵᠠᠷ ᠬᠣᠭᠤᠷᠤᠨᠳᠤ ᠶᠢᠨ ᠠᠵᠢᠯ ᠤᠨ ᠬᠡᠰᠡᠭ ᠦᠨ ᠭᠤᠷᠪᠠᠳᠤᠭᠠᠷ ᠬᠤᠷᠠᠯᠳᠤᠭᠠᠨ ᠫᠠᠷᠢᠰ ᠬᠣᠲᠠᠨ᠎ᠠ ᠡᠨᠡ ᠰᠠᠷ᠎ᠠ ᠶᠢᠨ 15 ᠳᠤ ᠪᠣᠯᠪᠠ ᠃ ᠲᠠᠯ᠎ᠠ ᠨᠤᠭᠤᠳ ᠮᠣᠩᠭᠣᠯ ᠂ ᠹᠷᠠᠨᠼᠢ ᠶᠢᠨ ᠬᠠᠷᠢᠯᠴᠠᠭ᠎ᠠ ᠂ ᠬᠠᠮᠲᠤ ᠶ᠋ᠢᠨ ᠠᠵᠢᠯᠯᠠᠭ᠎ᠠ ᠰᠡᠭᠦᠯ ᠦᠨ ᠵᠢᠯ ᠤᠳ ᠲᠤ ᠢᠳᠡᠪᠬᠢᠲᠡᠢ ᠥᠷᠨᠢᠵᠦ ᠪᠠᠢᠭ᠎ᠠ ᠶᠢ ᠲᠡᠮᠳᠡᠭ᠍ᠯᠡᠵᠦ ᠡᠨᠡ ᠤᠳᠠᠭ᠎ᠠ ᠶᠢᠨ ᠬᠤᠷᠠᠯᠳᠤᠭᠠᠨ ᠨᠢ ᠬᠣᠶᠠᠷ ᠤᠯᠤᠰ ᠤᠨ ᠳ᠋ᠢᠫᠯᠤᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ  ᠶᠢᠨ ᠬᠦᠷᠢᠶᠡᠨ ᠳᠤ 11 ᠵᠢᠯ ᠵᠠᠪᠰᠠᠷᠯᠠᠭᠰᠠᠨ ᠤ ᠳᠠᠷᠠᠭ᠎ᠠ ᠰᠡᠷᠭᠦᠭᠡᠨ ᠪᠠᠢᠭ᠎ᠠ ᠶᠢ ᠣᠨᠴᠠᠯᠠᠪᠠ ᠃

ᠰᠠᠢᠳ ᠨ᠎∙ ᠤᠴᠠᠷᠠᠯ ᠦᠷᠡᠨ  ᠤ ᠲᠥᠰᠥᠯ ᠦᠨ ᠦᠢᠯᠡ ᠠᠵᠢᠯᠯᠠᠭᠠᠨ ᠳᠤ ᠢᠯᠡ ᠲᠤᠳᠦ ᠬᠠᠷᠢᠭᠤᠴᠠᠯᠭ᠎ᠠ ᠲᠠᠢ ᠪᠠᠢᠳᠠᠯ ᠢ ᠬᠠᠩᠭᠠᠭᠤᠯᠬᠤ ᠂ ᠣᠯᠠᠨ ᠨᠡᠢᠲᠡ ᠶᠢᠨ ᠬᠢᠨᠠᠯᠲᠠ ᠶᠢᠨ ᠮᠸᠬᠠᠨᠢᠰᠮ ᠢ ᠪᠦᠷᠢᠳᠦᠭᠦᠯᠬᠦ ᠵᠣᠷᠢᠯᠭ᠎ᠠ ᠪᠠᠷ ᠢᠷᠭᠡᠳ ᠦᠨ ᠬᠢᠨᠠᠯᠲᠠ ᠶᠢᠨ ᠵᠥᠪᠯᠡᠯ ᠪᠡᠢᠭᠤᠯᠬᠤ ᠂ ᠰᠠᠴᠤᠷᠠᠭ ᠢᠳᠡᠪᠬᠢᠲᠦ ᠠᠰᠢᠭᠲᠤ ᠮᠠᠯᠲᠠᠮᠠᠯ ᠤᠨ ᠬᠥᠮᠦᠨ ᠂ ᠮᠠᠯ ᠂ ᠠᠮᠢᠳᠡᠠ ᠂ ᠬᠦᠷᠢᠶᠡᠯᠡᠨ ᠪᠠᠢᠭ᠎ᠠ ᠣᠷᠴᠢᠨ ᠳᠤ ᠦᠵᠡᠭᠦᠯᠬᠦ ᠰᠠᠴᠤᠷᠠᠭ ᠤᠨ ᠨᠥᠯᠥᠭᠡᠯᠡᠯ ᠳᠤ ᠬᠡᠮᠵᠢᠯᠲᠡ᠂ ᠰᠢᠨᠵᠢᠯᠡᠭᠡ ᠬᠢᠬᠦ ᠣᠯᠠᠨ ᠤᠯᠤᠰ ᠤᠨ ᠰᠲ᠋ᠠᠨᠳᠠᠷᠲ ᠲᠤ ᠨᠡᠢᠢᠴᠡᠭ᠍ᠰᠡᠨ ᠯᠠᠪᠣᠷᠠᠲ᠋ᠣᠷᠢ ᠪᠡᠢᠭᠤᠯᠬᠤ ᠱᠠᠭᠠᠷᠳᠠᠯᠭ᠎ᠠ ᠲᠠᠢ ᠪᠠᠢᠭ᠎ᠠ ᠶᠢ ᠳᠤᠷᠠᠳᠴᠤ᠂ ᠲᠠᠯ᠎ᠠ ᠨᠤᠭᠤᠳ ᠡᠨᠡ ᠠᠰᠠᠭᠤᠳᠠᠯ ᠢᠶᠠᠷ ᠬᠠᠷᠢᠯᠴᠠᠨ ᠣᠢᠯᠠᠭᠠᠯᠴᠠᠯ ᠳᠤ ᠬᠦᠷᠪᠡ ᠃

ᠹᠷᠠᠨᠼᠢ ᠤᠯᠤᠰ ᠡᠨᠡ ᠬᠦᠷᠢᠶᠡᠨ ᠳᠤ ᠨᠢᠭᠡᠳᠦᠭ᠍ᠰᠡᠨ ᠦᠨᠳᠦᠰᠦᠨ ᠤ ᠪᠠᠢᠭᠤᠯᠤᠯᠭ᠎ᠠ ᠶᠢᠨ ᠴᠥᠯᠵᠢᠯᠲᠡ ᠲᠠᠢ ᠲᠡᠮᠡᠴᠡᠬᠦ ᠲᠤᠬᠠᠶ ᠺᠣᠨ᠋ᠸᠧᠨ᠋ᠼ  ᠤᠨ ᠣᠷᠤᠯᠴᠠᠭ᠌ᠴᠢ ᠲᠠᠯ᠎ᠠ ᠨᠤᠭᠤᠳ ᠤᠨ 17 ᠳ᠋ᠤᠭᠠᠷ ᠪᠡᠭ᠎ᠠ ᠬᠤᠷᠠᠯ︵ COP 17︶ ᠢ 2026 ᠣᠨ ᠳᠤ ᠮᠣᠩᠭᠣᠯ ᠤᠯᠤᠰ ᠲᠤ ᠠᠮᠵᠢᠯᠲᠠᠲᠠᠶ ᠵᠣᠬᠢᠶᠠᠨ ᠪᠠᠢᠭᠤᠯᠬᠤ ᠳᠤ ᠬᠠᠮᠲᠤᠷᠠᠨ ᠠᠵᠢᠯᠯᠠᠵᠤ ᠂ ᠳᠡᠮᠵᠢᠯᠭᠡ ᠦᠵᠡᠭᠦᠯᠬᠦ ᠪᠠᠨ ᠨᠤᠲᠠᠯᠠᠪᠠ ᠃

ᠰᠡᠳᠬᠢᠭᠳᠡᠯ ᠦᠯᠡᠳᠡᠭᠡᠬᠦ