ᠠᠭᠤᠯᠠ ᠶᠢᠨ ᠰᠫᠣᠷᠲ ᠤᠨ ᠤᠯᠤᠰ ᠤᠨ ᠬᠡᠮᠵᠢᠶᠡᠨ ᠤ ᠮᠠᠰᠲ᠋ᠧᠷ ᠴ∙ ᠠᠷᠢᠭᠤᠨᠵᠤᠯᠠ 8848 ᠮᠧᠲᠷ ᠦᠨ ᠥᠨᠳᠥᠷ ᠲᠤ ᠣᠷᠣᠰᠢᠳᠠᠭ ᠵᠦᠮᠦᠯᠠᠩᠮᠠ︵ᠡᠸᠧᠷᠧᠰᠲ ︶ᠠᠭᠤᠯᠠ ᠶᠢᠨ ᠣᠷᠭᠢᠯ ᠳᠤ ᠭᠠᠷᠤᠭᠰᠠᠨ ᠲᠤᠬᠠᠶ ᠮᠡᠳᠡᠭᠡᠯᠡᠯ ᠢ ᠮᠣᠩᠭᠣᠯ ᠤᠨ ᠠᠭᠤᠯᠠᠴᠢᠳ ᠤᠨ ᠦᠨᠳᠦᠰᠦᠨ ᠤ ᠬᠣᠯᠪᠣᠭᠠᠨ ᠠᠴᠠ ᠥᠭ᠍ᠭᠦᠯ᠎ᠡ᠃ ᠲᠡᠷᠡ ᠡᠸᠧᠷᠧᠰᠲ ᠤᠨ ᠣᠷᠭᠢᠯ ᠳᠤ ᠭᠠᠷᠤᠭᠰᠠᠨ ᠮᠣᠩᠭᠣᠯ ᠤᠨ 17 ᠳ᠋ᠡᠬᠢ ᠠᠭᠤᠯᠠᠴᠢᠨ ᠪᠣᠯᠵᠤ ᠪᠠᠢᠨ᠎ᠠ᠃
ᠪ ∙ ᠭᠠᠩᠭᠠᠮ᠎ᠠ ᠡᠸᠧᠷᠧᠰᠲ ᠲᠤ ᠠᠮᠵᠢᠯᠲᠠᠲᠠᠶ ᠠᠪᠠᠷᠢᠭ᠌ᠰᠠᠨ ᠠᠩᠬᠠᠨ ᠤ ᠡᠮᠡᠭ᠍ᠳᠡᠢ ᠠᠭᠤᠯᠠᠴᠢᠨ ᠪᠠᠢᠭᠰᠠᠨ ᠪᠣᠯ ᠴ∙ ᠠᠷᠢᠭᠤᠨᠵᠤᠯᠠ ᠲᠠᠪᠤᠳ᠋ᠡᠬᠢ ᠨᠢ ᠪᠣᠯᠵᠤ ᠪᠡᠢᠨ᠎ᠡ᠃ ᠮᠣᠩᠭᠣᠯ ᠠᠭᠤᠯᠠᠴᠢᠳ 2005 ᠣᠨ ᠳᠤ ᠠᠩᠬ᠎ᠠ ᠳᠡᠯᠡᠬᠡᠢ ᠶᠢᠨ ᠵᠤᠯᠠᠢ ᠳᠤ ᠬᠥᠯ ᠲᠠᠯᠪᠢᠭ᠌ᠰᠠᠨ ᠠᠴᠠ ᠬᠤᠢᠰᠢ 20 ᠵᠢᠯ ᠦᠨ ᠬᠤᠭᠤᠴᠠᠭᠠᠨ ᠳᠤ 17 ᠨᠢ ᠡᠸᠧᠷᠧᠰᠲ ᠢ ᠣᠷᠭᠢᠯ ᠳᠤ ᠭᠠᠷᠪᠠ ᠃