ᠵᠢᠪᠽᠤᠨᠳᠤᠷᠵᠢ ᠬᠠᠮᠪᠤ ᠺᠠᠲ᠋ᠣᠯᠢᠺ ᠱᠠᠰᠢᠨ ᠤ ᠲᠡᠷᠢᠬᠦᠠ ᠠᠷᠪᠠᠨ ᠳᠥᠷᠪᠡᠳᠦᠭᠡᠷ ᠯᠧᠤ᠋ ᠳᠤ ᠪᠡᠶᠡᠷ ᠬᠦᠷᠭᠡᠵᠡᠢ | News.MN

ᠵᠢᠪᠽᠤᠨᠳᠤᠷᠵᠢ ᠬᠠᠮᠪᠤ ᠺᠠᠲ᠋ᠣᠯᠢᠺ ᠱᠠᠰᠢᠨ ᠤ ᠲᠡᠷᠢᠬᠦᠠ ᠠᠷᠪᠠᠨ ᠳᠥᠷᠪᠡᠳᠦᠭᠡᠷ ᠯᠧᠤ᠋ ᠳᠤ ᠪᠡᠶᠡᠷ ᠬᠦᠷᠭᠡᠵᠡᠢ

ᠭᠠᠨᠳᠠᠨᠳᠡᠭ᠍ᠴᠢᠯᠡᠨ ᠬᠡᠢᠢᠳ ᠤᠨ ᠲᠡᠷᠢᠬᠦᠠ ᠶᠡᠭᠡ ᠬᠠᠮᠪᠤ ᠯᠠᠮ᠎ᠠ᠂ ᠬᠠᠮᠪᠤ ᠨᠣᠮ ᠤᠨ ᠬᠠᠨ᠂ ᡀᠠᠷᠠᠮᠪᠠ ᠳ᠎· ᠵᠢᠪᠽᠤᠨᠳᠤᠷᠵᠢ ᠰᠢᠨ᠎ᠡ ᠪᠠᠷ ᠰᠣᠩᠭᠣᠭᠳᠠᠭᠰᠠᠨ ᠭᠡᠭᠡᠠ ᠰᠢᠷᠡᠭᠡᠲᠦ ᠤᠯᠤᠰ ᠤᠨ ᠲᠡᠷᠢᠬᠦᠠ᠂ ᠺᠠᠲ᠋ᠣᠯᠢᠺ ᠱᠠᠰᠢᠨ ᠤ ᠲᠡᠷᠢᠬᠦᠠ ᠠᠷᠪᠠᠨ ᠳᠥᠷᠪᠡᠳᠦᠭᠡᠷ ᠯᠧᠤ᠋ ᠳᠤ ᠪᠡᠶᠡᠷ ᠬᠦᠷᠭᠡᠵᠦ ᠂ ᠮᠡᠨᠳᠦᠴᠢᠯᠡᠭᠡ ᠢᠯᠡᠭᠡᠵᠡᠢ ᠃

ᠮᠡᠨᠳᠤᠴᠢᠯᠡᠭᠡᠨ ᠳᠤ᠄  ᠮᠣᠩᠭᠣᠯ ᠤᠨ ᠪᠤᠷᠬᠠᠨ ᠤ ᠱᠠᠰᠢᠨᠲᠠᠨ ᠤ ᠲᠥᠪ ᠭᠠᠨᠳᠠᠨᠳᠡᠭ᠍ᠴᠢᠯᠡᠨ ᠬᠡᠢᠢᠳ ᠪᠤᠯᠦᠠ ᠬᠤᠪᠢ ᠠᠴᠠ ᠪᠠᠨ ᠲᠠᠨ ᠢ ᠭᠡᠭᠡᠠ ᠰᠢᠷᠡᠭᠡᠲᠦ ᠤᠯᠤᠰ ᠤᠨ ᠲᠡᠷᠢᠬᠦᠠ᠂ ᠷᠣᠮᠠ ᠶᠢᠨ ᠺᠠᠲ᠋ᠣᠯᠢᠺ ᠱᠠᠰᠢᠨ ᠤ ᠲᠡᠷᠢᠭᠦᠨ ᠢᠶᠡᠷ ᠰᠣᠩᠭᠣᠭᠳᠠᠭᠰᠠᠨ ᠳᠤ ᠴᠢᠩ ᠰᠡᠳᠬᠢᠯ ᠤᠨ ᠬᠠᠯᠠᠭᠤᠨ ᠪᠡᠶᠡᠷ ᠬᠦᠷᠭᠡᠨ ᠮᠡᠨᠳᠦᠴᠢᠯᠡᠵᠦ ᠪᠡᠢᠨ᠎ᠡ᠃

ᠭᠡᠭᠡᠠ ᠰᠢᠷᠡᠭᠡᠲᠦ ᠤᠯᠤᠰ ᠨᠢ ᠱᠠᠰᠢᠨ ᠬᠣᠭᠤᠷᠤᠨᠳᠤ ᠶᠢᠨ ᠬᠠᠷᠢᠯᠴᠠᠨ ᠣᠢᠯᠠᠭᠠᠯᠴᠠᠯ᠂ ᠶᠣᠰᠣ ᠰᠤᠷᠲᠠᠬᠤᠨ ᠤ ᠦᠨᠡᠲᠦ ᠵᠦᠢᠯᠡᠰ᠂ ᠬᠥᠮᠦᠨ ᠲᠥᠷᠥᠯᠬᠢᠲᠡᠨ ᠤ ᠡᠪ ᠨᠢᠭᠡᠳᠦᠯ ᠢ ᠳᠡᠮᠵᠢᠳᠡᠭ ᠲᠤ ᠪᠤᠷᠬᠠᠨ ᠤ ᠱᠠᠰᠢᠨ ᠤ ᠯᠠᠮ᠎ᠠ ᠬᠤᠸᠠᠷᠠᠭ ᠤᠳ ᠪᠢᠳᠡ ᠴᠢᠩ ᠰᠡᠳᠬᠢᠯ ᠠᠴᠠ ᠪᠠᠨ ᠲᠠᠯᠠᠷᠬᠠᠳᠠᠭ ᠪᠢᠯᠡ᠃ ᠲᠠᠨ ᠤ ᠦᠢᠯᠡ ᠬᠡᠷᠡᠭ ᠳᠠᠶᠠᠩ ᠳᠡᠯᠡᠬᠡᠢ ᠶᠢ ᠠᠮᠤᠷ ᠠᠮᠤᠭᠤᠯᠠᠩ ᠳᠤ ᠬᠥᠲᠥᠯᠵᠦ ᠂ ᠬᠥᠮᠦᠨ ᠲᠥᠷᠥᠯᠬᠢᠲᠡᠨ ᠳᠦ ᠠᠰᠠᠷᠠᠯ ᠡᠨᠡᠷᠢᠯ ᠤᠨ ᠰᠡᠳᠬᠢᠯ ᠢ ᠲᠦᠭᠡᠭᠡᠬᠦ ᠪᠤᠯᠲᠦᠭᠠᠢ ᠭᠡᠵᠡᠢ ᠃

ᠰᠡᠳᠬᠢᠭᠳᠡᠯ ᠦᠯᠡᠳᠡᠭᠡᠬᠦ