ᠪᠤᠶᠠᠨᠲᠤ ᠭᠣᠣᠯ ᠨᠢ ᠬᠣᠪᠳᠤ ᠠᠢᠮᠠᠭ ᠤᠨ ᠲᠥᠪ ᠡᠴᠡ 3-4 ᠺᠢᠯᠣᠮᠧᠲᠷ ᠵᠠᠢ ᠳᠤ ᠪᠤᠢ ᠃ ᠳᠤᠯᠠᠭᠠᠨ ᠤ ᠤᠯᠠᠷᠢᠯ ᠳᠤ ᠬᠣᠪᠳᠤ ᠠᠢᠮᠠᠭ ᠤᠨ ᠲᠥᠪ ᠲᠦ ᠠᠮᠢᠳᠤᠷᠠᠳᠠᠭ ᠡᠷᠦᠬᠡ ᠨᠤᠭᠦᠳ ᠪᠤᠶᠠᠨᠲᠤ ᠭᠣᠣᠯ ᠳᠠᠭᠠᠤ ᠵᠤᠰᠠᠯᠠᠩ ᠳᠤ ᠭᠠᠷᠳᠠᠭ᠃ ᠰᠤᠳᠤᠯᠭᠠᠨ ᠢᠶᠠᠷ ᠵᠢᠯ ᠳᠤ 800-1000 ᠣᠷᠴᠢᠮ ᠡᠷᠦᠬᠡ᠂ 3-5 ᠮᠢᠩᠭ᠎ᠠ ᠣᠷᠴᠢᠮ ᠢᠷᠭᠡᠠ ᠪᠤᠶᠠᠨᠲᠤ ᠭᠣᠣᠯ ᠳᠠᠭᠠᠤ ᠵᠤᠰᠠᠯᠠᠩ ᠳᠤ ᠭᠠᠷᠴᠤ ᠪᠡᠢᠨ᠎ᠡ ᠃
ᠡᠨᠡ ᠵᠢᠯ ᠬᠣᠪᠳᠤ ᠠᠢᠮᠠᠭ ᠤᠨ ᠲᠥᠪ ᠪᠤᠶᠤ ᠵᠢᠷᠭᠠᠯᠠᠩᠲᠤ ᠰᠤᠮᠤ ᠶᠢᠨ ᠨᠤᠲᠤᠭ ᠲᠤ ᠪᠤᠶᠠᠨᠲᠤ ᠭᠣᠣᠯ ᠳᠠᠭᠠᠤ ᠵᠤᠰᠠᠯᠠᠩ ᠳᠤ ᠭᠠᠷᠬᠤ ᠡᠷᠦᠬᠡ ᠨᠤᠭᠦᠳ ᠲᠠᠢ ᠭᠡᠷ᠎ᠡ ᠪᠠᠢᠭᠤᠯᠵᠤ᠂ ᠵᠤᠰᠠᠯᠠᠩ ᠤᠨ ᠪᠦᠰᠡ ᠶᠢᠨ ᠳᠠᠭᠠᠵᠤ ᠮᠥᠷᠳᠡᠬᠦ ᠵᠢᠷᠤᠮ ᠤᠨ ᠳᠠᠭᠠᠤ ᠲᠠᠪᠤᠳᠤᠭᠠᠷ ᠰᠠᠷ᠎ᠠ ᠶᠢᠨ ᠭᠤᠴᠢᠨ ᠨᠢᠭᠡᠨ ᠡᠴᠡ ᠡᠬᠢᠯᠡᠨ ᠵᠤᠰᠠᠯᠠᠩ ᠳᠤ ᠭᠠᠷᠬᠤ ᠪᠡᠷ ᠵᠢᠭᠠᠵᠠᠢ᠃ ᠵᠢᠷᠤᠮ ᠳᠤ ᠵᠢᠭᠠᠭᠰᠠᠨ ᠬᠤᠭᠤᠴᠠᠭᠠᠨ ᠠᠴᠠ ᠡᠮᠦᠨ᠎ᠡ ᠵᠤᠰᠠᠯᠠᠩ ᠳᠤ ᠭᠠᠷᠬᠤ ᠦᠭᠡᠢ ᠪᠠᠢᠬᠤ ᠶᠢ ᠵᠢᠷᠭᠠᠯᠠᠩᠲᠤ ᠰᠤᠮᠤ ᠶᠢᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠠᠩᠬᠠᠷᠤᠭᠤᠯᠤᠯ᠎ᠠ ᠃