ᠳᠡᠯᠡᠬᠡᠢ ᠶᠢᠨ ᠬᠣᠶᠠᠳᠤᠭᠠᠷ ᠳᠠᠢᠨ ᠤ ᠦᠶ᠎ᠡ ᠳᠤ ᠣᠯᠵᠠᠯᠠᠭᠳᠠᠨ ᠮᠣᠩᠭᠣᠯ ᠤᠯᠤᠰ ᠤᠨ ᠪᠦᠲᠦᠭᠡᠨ ᠪᠠᠢᠭᠤᠯᠤᠯᠲᠠ ᠳᠤ ᠣᠷᠣᠯᠴᠠᠭᠰᠠᠨ ᠶᠠᠫᠤᠨ ᠴᠡᠷᠢᠭ ᠤᠳ ᠦᠨ ᠲᠡᠦᠬᠡ ᠶᠢᠨ ᠲᠤᠬᠠᠶ《ᠠᠮᠢᠳᠤᠷᠠᠬᠤ ᠶᠢᠨ ᠲᠥᠯᠥᠭᠡ ᠲᠤᠰᠠᠯᠠᠮᠵᠢ ᠭᠤᠶᠤᠭᠰᠠᠨ ᠡᠷᠭᠦᠳᠡᠯ》ᠨᠣᠮ ᠪᠢᠴᠢᠭ᠍ᠰᠡᠨ᠂ ᠰᠡᠳᠬᠦᠯᠴᠢ ᠢᠳᠧ ᠾᠢᠷᠤᠾᠢᠺᠤ ᠤᠯᠠᠭᠠᠨᠪᠠᠭᠠᠲᠤᠷ ᠬᠤᠳᠠ ᠳ᠋ᠡᠬᠢ ᠮᠣᠩᠭᠣᠯ ᠶᠠᠫᠣᠨ ᠤ ᠲᠥᠪ ᠲᠤ ᠯᠧᠺᠼ ᠤᠩᠰᠢᠨ᠎ᠠ ᠃
ᠲᠤᠰ ᠯᠧᠺᠼ ᠢ ᠮᠣᠩᠭᠣᠯ ᠳ᠋ᠡᠬᠢ ᠶᠠᠫᠤᠨᠴᠤᠳ ᠤᠨ ᠨᠡᠢᠭᠡᠮᠯᠢᠭ 6 ᠳ᠋ᠤᠭᠠᠷ ᠰᠠᠷ᠎ᠠ ᠶᠢᠨ 10 ᠳᠦ ᠦᠨ᠎ᠡ ᠲᠥᠯᠦᠪᠦᠷᠢ ᠦᠭᠡᠢ ᠵᠣᠬᠢᠶᠠᠨ ᠪᠡᠢᠭᠤᠯᠬᠤ ᠶᠤᠮ᠃ ᠲᠡᠦᠬᠡ ᠶᠢᠨ ᠪᠠᠷᠢᠮᠲᠠ ᠠᠴᠠ ᠬᠠᠷᠠᠬᠤ ᠳᠤ ᠂ 1945 ᠣᠨ ᠤ ᠴᠢᠯᠦᠭᠡᠯᠡᠬᠦ ᠳᠠᠢᠨ ᠤ ᠳᠠᠷᠠᠭᠠᠬᠠᠨ ᠮᠣᠩᠭᠣᠯ ᠳᠤ ᠠᠵᠢᠯᠯᠠᠬᠤ ᠬᠦᠴᠦ ᠶᠡᠬᠡ ᠱᠠᠭᠠᠷᠳᠠᠯᠭ᠎ᠠ ᠲᠠᠢ ᠪᠠᠢᠭᠰᠠᠨ ᠤᠴᠢᠷ ᠵᠥᠪᠯᠡᠯᠲᠦ ᠳᠦ ᠬᠦᠰᠡᠯᠲᠡ ᠲᠠᠯᠪᠢᠭ᠌ᠰᠠᠨ ᠤ ᠳᠠᠭᠠᠤ ᠣᠯᠵᠠᠯᠠᠭᠳᠠᠭᠰᠠᠨ 12300 ᠭᠠᠷᠦᠢ ᠶᠠᠫᠤᠨ ᠴᠡᠷᠢᠭ ᠮᠣᠩᠭᠣᠯ ᠳᠤ ᠢᠷᠠᠵᠠᠢ ᠃ ᠲᠡᠳᠡᠨ ᠢ ᠠᠵᠤ ᠦᠢᠯᠡᠳᠪᠦᠷᠢ ᠶᠢᠨ ᠺᠣᠮᠪᠢᠨᠠᠲ ᠂ ᠴᠣᠬᠤᠢ ᠶᠢᠨ ᠦᠢᠯᠡᠳᠪᠦᠷᠢ ᠂ ᠰᠦᠬᠡᠪᠠᠭᠠᠲᠤᠷ ᠴᠦᠳᠡᠨᠵᠡ ᠶᠢᠨ ᠦᠢᠯᠡᠳᠪᠦᠷᠢ ᠪᠤᠯᠦᠠ ᠪᠤᠰᠤᠳ ᠰᠠᠩ ᠤᠨ ᠠᠵᠤ ᠠᠬᠤᠶ ᠂ ᠨᠠᠯᠠᠢᠬᠤ ᠶᠢᠨ ᠨᠡᠭᠦᠷᠡᠰᠦᠨ ᠤ ᠠᠭᠤᠷᠬᠠᠢ ᠂ ᠲᠣᠭᠤᠰᠬᠠᠨ ᠵᠠᠸᠣᠳ᠋ ᠵᠡᠷᠭᠡ ᠳᠤ ᠠᠵᠢᠯᠯᠠᠭᠤᠯᠵᠠᠢ ᠃