ᠬᠣᠷᠢᠳᠤᠭᠠᠷ ᠵᠠᠭᠤᠨ ᠤ ᠮᠡᠡᠭ᠍ᠯᠡᠢ ᠡᠷᠳᠡᠮᠲᠡᠨ ᠂ ᠰᠢᠨᠵᠢᠯᠡᠬᠦ ᠤᠬᠠᠭᠠᠨ ᠤ ᠤᠤᠭᠠᠨ ᠳ᠋ᠣᠺᠲ᠋ᠣᠷ ᠂ ᠠᠺᠠᠳᠧᠮᠢᠴᠢ ᠪᠢᠮᠪᠠ ᠶᠢᠨ ᠷᠢᠨᠴᠢᠨ ᠤ ᠮᠡᠨᠳᠦᠯᠡᠭ᠍ᠰᠡᠨ ᠤ 120 ᠵᠢᠯ ᠦᠨ ᠣᠶ ᠡᠨᠡ ᠣᠨ ᠳᠤ ᠲᠣᠬᠢᠶᠠᠵᠤ ᠪᠠᠢᠭ᠎ᠠ ᠃ ᠡᠨᠡ ᠬᠦ ᠣᠢ ᠶᠢ ᠰᠡᠯᠡᠩᠭᠡ ᠠᠢᠮᠠᠭ ᠲᠤ ᠲᠡᠮᠳᠡᠭ᠍ᠯᠡᠬᠦ ᠠᠵᠢᠯ ᠤᠨ ᠬᠦᠷᠢᠶᠡᠨ ᠳᠤ《ᠦᠨᠳᠦᠰᠦᠨ ᠤ ᠥᠪ ᠰᠣᠶᠣᠯ ᠢᠶᠠᠨ ᠲᠦᠭᠡᠭᠡᠨ ᠳᠡᠯᠭᠡᠷᠡᠭᠦᠯᠦᠭ᠍ᠴᠢᠳ》 ᠮᠣᠩᠭᠣᠯ ᠪᠢᠴᠢᠭ ᠤᠨ ᠪᠠᠭ᠌ᠰᠢ ᠨᠠᠷ ᠤᠨ ᠤᠯᠢᠮᠫᠢᠶᠡᠳ᠋ ᠢ ᠡᠨᠡ ᠰᠠᠷ᠎ᠠ ᠶᠢᠨ 10 ᠣ ᠡᠳᠦᠷ ᠶᠡᠭᠡ ᠡᠷᠳᠡᠮᠲᠡᠨ ᠤ ᠨᠡᠷᠡᠮᠵᠢᠲᠦ ᠠᠯᠲᠠᠨᠪᠤᠯᠠᠭ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠳᠤ ᠵᠣᠬᠢᠶᠠᠨ ᠪᠠᠢᠭᠤᠯᠤᠯ᠎ᠠ ᠃
ᠤᠯᠢᠮᠫᠢᠶᠡᠳ᠋ ᠲᠤ ᠳᠠᠷᠬᠠᠨ ᠠᠭᠤᠯᠠ᠂ ᠰᠡᠯᠡᠩᠭᠡ ᠠᠢᠮᠠᠭ ᠤᠨ ᠪᠠᠭ᠌ᠰᠢ ᠨᠠᠷ ᠤᠨ 19 ᠪᠠᠭ ᠤᠨ 38 ᠪᠠᠭ᠌ᠰᠢ ᠣᠷᠣᠯᠴᠠᠵᠤ᠂ ᠺᠢᠷᠢᠯ ᠮᠣᠩᠭᠣᠯ ᠪᠢᠴᠢᠭ ᠦᠨ ᠬᠠᠷᠢᠯᠴᠠᠨ ᠬᠥᠷᠪᠡᠭᠦᠯᠭᠡ᠂ ᠦᠭᠡ ᠶᠢᠨ ᠭᠠᠷᠤᠯ᠂ ᠲᠠᠲᠠᠯᠭᠠᠨ ᠪᠢᠴᠢᠭ ᠢ ᠤᠩᠰᠢᠬᠤ᠂ ᠳᠦᠷᠢᠮ ᠵᠡᠷᠭᠡ ᠠᠭᠤᠯᠭ᠎ᠠ ᠪᠠᠷ ᠵᠣᠬᠢᠶᠠᠨ ᠪᠠᠢᠭᠤᠯᠵᠠᠢ᠃ ᠤᠷᠤᠯᠳᠤᠭᠠᠨ ᠳᠤ ᠨᠢᠭᠡ ᠰᠤᠷᠭᠠᠭᠤᠯᠢ ᠠᠴᠠ 2 ᠪᠠᠭ᠌ᠰᠢ ᠣᠷᠣᠯᠴᠠᠭᠠᠳ᠂ ᠳᠠᠷᠬᠠᠨ ᠠᠭᠤᠯᠠ ᠠᠢᠮᠠᠭ ᠤᠨ ᠪᠠᠭ᠌ᠰᠢ ᠨᠠᠷ ᠲᠡᠷᠢᠭᠦᠯᠡᠵᠦ᠂ ᠴᠣᠮᠣ ᠶᠢᠨ ᠡᠵᠡᠳ ᠪᠣᠯᠵᠠᠢ ᠃