ᠳᠠᠬᠢᠨ ᠳᠠᠪᠲᠠᠭᠳᠠᠰᠢ ᠦᠭᠡᠶ ᠤᠷ᠎ᠠ ᠬᠢᠴᠡ᠂ ᠳᠦᠷᠰᠦᠯᠡᠯ ᠪᠦᠬᠦᠢ ᠠᠷᠬᠧᠣᠯᠣᠭᠢ ᠶᠢᠨ ᠣᠯᠳᠠᠪᠤᠷᠢ ᠶᠢ ᠳᠡᠯᠭᠡᠯ᠎ᠡ | News.MN

ᠳᠠᠬᠢᠨ ᠳᠠᠪᠲᠠᠭᠳᠠᠰᠢ ᠦᠭᠡᠶ ᠤᠷ᠎ᠠ ᠬᠢᠴᠡ᠂ ᠳᠦᠷᠰᠦᠯᠡᠯ ᠪᠦᠬᠦᠢ ᠠᠷᠬᠧᠣᠯᠣᠭᠢ ᠶᠢᠨ ᠣᠯᠳᠠᠪᠤᠷᠢ ᠶᠢ ᠳᠡᠯᠭᠡᠯ᠎ᠡ

ᠵᠠᠨᠠᠪᠠᠽᠠᠷ ᠤᠨ ᠨᠡᠷᠡᠮᠵᠢᠲᠦ ᠳᠦᠷᠰᠦᠯᠡᠬᠦ ᠤᠷᠠᠯᠢᠭ ᠤᠨ ᠮᠦᠽᠧᠶ᠂ ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ ᠲᠠᠢ ᠬᠠᠮᠲᠤᠷᠠᠨ《ᠠᠷᠬᠧᠣᠯᠣᠭᠢ ᠶᠢᠨ ᠣᠯᠳᠠᠪᠤᠷᠢ ᠳᠦ ᠨᠢᠭᠤᠭᠳᠠᠭᠰᠠᠨ ᠤᠷᠠᠯᠢᠭ 》 ᠨᠡᠷ᠎ᠡ ᠲᠠᠢ ᠦᠵᠡᠰᠬᠦᠯᠡᠩ ᠢ ᠵᠣᠬᠢᠶᠠᠨ ᠪᠠᠢᠭᠤᠯᠵᠤ ᠪᠡᠢᠨ᠎ᠡ ᠃

ᠲᠤᠰ ᠦᠵᠡᠰᠬᠦᠯᠡᠩ ᠳᠦ ᠮᠣᠩᠭᠣᠯ  ᠡᠴᠡ ᠣᠯᠳᠠᠭᠰᠠᠨ ᠴᠢᠯᠠᠭᠤᠨ ᠵᠡᠪᠰᠡᠭ ᠤᠨ ᠦᠶ᠎ᠡ ᠡᠴᠡ ᠡᠷᠲᠡᠨ ‍ᠥ ᠲᠥᠷᠥᠲᠦ ᠤᠯᠤᠰ ᠤᠳ ᠤᠨ ᠲᠡᠦᠬᠡᠨ ᠴᠠᠭ ᠦᠶ᠎ᠡ ᠶᠢ ᠬᠠᠮᠤᠷᠤᠭᠰᠠᠨ ᠂ ᠨᠡᠭᠦᠳᠡᠯᠴᠢᠳ ᠦᠨ ᠠᠮᠢᠳᠤᠷᠠᠯ ᠠᠬᠤᠶ ᠂ ᠤᠷᠠᠯᠢᠭ ᠂ ᠰᠤᠶᠦᠯ ᠂ ᠰᠢᠲᠦᠯᠭᠡ ᠪᠢᠰᠢᠷᠡᠯ ᠢ ᠢᠯᠡᠷᠬᠡᠢᠯᠡᠭ᠍ᠰᠡᠨ ᠳᠠᠬᠢᠨ ᠳᠠᠪᠲᠠᠭᠳᠠᠰᠢ ᠦᠭᠡᠶ ᠤᠷ᠎ᠠ ᠬᠢᠴᠡ ᠂ ᠳᠦᠷᠰᠦᠯᠡᠯ ᠢ ᠰᠢᠩᠭᠡᠭᠡᠭ᠍ᠰᠡᠨ 100 ᠣᠷᠴᠢᠮ ᠠᠷᠬᠧᠣᠯᠣᠭᠢ ᠶᠢᠨ ᠣᠯᠳᠠᠪᠤᠷᠢ ᠶᠢ ᠳᠡᠯᠭᠡᠯ᠎ᠡ᠃ ᠦᠵᠡᠰᠬᠦᠯᠡᠩ  05 ᠳ᠋ᠤᠭᠠᠷ ᠰᠠᠷ᠎ᠠ ᠶᠢᠨ 09-20 ‍ᠣ ᠬᠤᠭᠤᠷᠦᠡᠳᠦ ᠦᠷᠭᠦᠯᠵᠢᠯᠡᠨ᠎ᠡ ᠃

 

ᠰᠡᠳᠬᠢᠭᠳᠡᠯ ᠦᠯᠡᠳᠡᠭᠡᠬᠦ