ᠬᠠᠰᠠᠭᠰᠲ᠋ᠠᠨ ᠤ ᠠᠰᠲ᠋ᠠᠨᠠ ᠬᠣᠲᠠ ᠳᠤ ᠫᠠᠷᠠ ᠵᠢᠦ᠋ᠳᠤ᠋ ᠶᠢᠨ ᠨᠠᠰᠤᠨ ᠳᠤ ᠬᠦᠷᠦᠭ᠍ᠰᠡᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠥᠨᠳᠥᠷᠯᠡᠯ᠎ᠡ᠃ ᠲᠡᠮᠡᠴᠡᠭᠡᠨ ᠳᠤ 40 ᠭᠠᠷᠦᠢ ᠤᠯᠤᠰ ᠤᠨ 250 ᠣᠷᠴᠢᠮ ᠲᠠᠮᠢᠷᠴᠢᠨ ᠣᠷᠣᠯᠴᠠᠭᠰᠠᠨ ᠪᠥᠭᠡᠳ ᠮᠠᠨ ᠤ ᠤᠯᠤᠰ ᠠᠴᠠ ᠨᠠᠢ᠍ᠮᠠᠨ ᠪᠥᠬᠡ ᠵᠣᠳᠣᠭᠯᠠᠵᠤ᠂ ᠨᠢᠭᠡ ᠬᠦᠷᠡᠯ ᠮᠧᠳᠠᠯ ᠲᠠᠢ ᠡᠬᠡ ᠣᠷᠣᠨ ᠳᠤ ᠪᠠᠨ ᠢᠷᠠᠵᠤ ᠪᠡᠢᠢᠨ᠎ᠡ ᠃
ᠲᠣᠳᠣᠷᠠᠭᠤᠯᠪᠠᠯ᠂ ᠡᠮᠡᠭ᠍ᠲᠡᠢᠴᠦᠳ ᠤᠨ J 1 ᠠᠩᠭᠢᠯᠠᠯ ᠤᠨ 70 ᠺᠢᠯᠣᠭ᠍ᠷᠠᠮ ᠤᠨ ᠵᠢᠩ ᠳᠤ ᠯ· ᠲᠤᠷᠤᠭᠤᠨᠠ ᠬᠦᠷᠡᠯ ᠮᠧᠳᠠᠯ ᠬᠦᠷᠲᠡᠪᠡ᠃ ᠲᠡᠷᠡ ᠬᠤᠶᠠᠳᠠᠬᠢ ᠤᠳᠠᠭ᠎ᠠ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠱᠠᠩᠨᠠᠯ ᠠᠪᠴᠤ ᠪᠣᠢ ᠨᠢ ᠡᠨᠡ᠃ 2022 ᠣᠨ ᠳᠤ ᠠᠽᠸᠷᠪᠠᠢᠵᠠᠨ ᠤᠯᠤᠰ ᠳᠤ ᠪᠣᠯᠣᠭᠰᠠᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠴᠠ ᠮᠥᠩᠭᠥᠨ ᠮᠧᠳᠠᠯ ᠣᠯᠵᠤ ᠪᠠᠢᠪᠠ ᠃