ᠠᠵᠤ ᠦᠢᠯᠡᠳᠪᠦᠷᠢ᠂ ᠡᠷᠦᠳᠡᠰᠦ ᠪᠠᠶᠠᠯᠢᠭ ᠤᠨ ᠰᠠᠢᠳ ᠴ∙ ᠲᠤᠸᠠᠨ ᠳᠣᠷᠤᠨᠠᠭᠣᠪᠢ ᠠᠢᠮᠠᠭ ᠤᠨ ᠨᠤᠳᠦᠬ ᠳᠡᠪᠢᠰᠬᠡᠷ ᠲᠤ ᠦᠢᠯᠡ ᠠᠵᠢᠯᠯᠠᠭ᠎ᠠ ᠶᠠᠪᠤᠭᠤᠯᠵᠤ ᠪᠤᠶ ᠬᠢᠲᠠᠳ ᠤᠨ ᠬᠥᠷᠥᠩᠭᠡ ᠣᠷᠤᠭᠤᠯᠤᠯᠲᠠ ᠲᠠᠢ ᠳ᠋ᠤᠩ ᠱᠧᠨ ᠭᠠᠵᠠᠷ ᠤᠨ ᠲᠣᠰᠤ ᠺᠣᠮᠫᠠᠨᠢ ᠶᠢᠨ ᠤᠳᠤᠷᠢᠳᠤᠯᠭ᠎ᠠ ᠨᠠᠷ ᠲᠠᠢ ᠠᠭᠤᠯᠵᠠᠵᠤ ᠂ ᠭᠠᠵᠠᠷ ᠤᠨ ᠲᠣᠰᠤ ᠪᠣᠯᠪᠠᠰᠤᠷᠠᠭᠤᠯᠬᠤ ᠦᠢᠯᠡᠳᠪᠦᠷᠢ ᠶᠢ 2028 ᠣᠨ ᠳᠤ ᠠᠰᠢᠭ᠌ᠯᠠᠯᠲᠠ ᠳᠤ ᠣᠷᠣᠭᠤᠯᠤᠭᠰᠠᠨ ᠤ ᠳᠠᠷᠠᠭ᠎ᠠ ᠪᠦᠲᠦᠭᠡᠭ᠍ᠳᠡᠬᠦᠨ ᠨᠡᠢᠯᠡᠬᠦᠯᠬᠦ ᠲᠠᠯ᠎ᠠ ᠪᠠᠷ ᠰᠠᠨᠠᠯ ᠲᠠᠯᠪᠢᠪᠠ ᠃
ᠲᠤᠰ ᠻᠣᠮᠫᠠᠨᠢ ᠭᠠᠵᠠᠷ ᠤᠨ ᠲᠣᠰᠤᠨ ᠤ ᠠᠰᠢᠭ᠌ᠯᠠᠯᠲᠠ ᠶᠢᠨ ᠪᠠᠲᠤᠯᠠᠭᠠᠲᠤ ᠨᠥᠭᠡᠴᠡ ᠶᠢ 2.07 ᠰᠠᠶ᠎ᠠ ᠲᠣᠨ ᠪᠤᠶᠤ 14.86 ᠰᠠᠶ᠎ᠠ ᠪᠠᠷᠷᠧᠯᠢ ᠭᠡᠵᠡᠢ᠃ ᠭᠡᠷᠡᠲᠦ ᠲᠠᠯᠠᠪᠠᠢ ᠠᠴᠠ ᠨᠢᠭᠡ ᠰᠠᠶ᠎ᠠ ᠲᠣᠨ ᠭᠠᠵᠠᠷ ᠤᠨ ᠲᠣᠰᠤ ᠣᠯᠪᠤᠷᠢᠯᠠᠵᠤ ᠂ ᠬᠢᠲᠠᠳ ᠲᠤ ᠭᠠᠷᠭᠠᠭᠠᠳ ᠪᠠᠢᠭ᠎ᠠ ᠶᠢ ᠲᠠᠨᠢᠯᠴᠠᠭᠤᠯᠤᠭᠰᠠᠨ ᠪᠡᠢᠨ᠎ᠡ᠃