ᠠᠩᠬᠠᠨ ᠤ ᠬᠥᠮᠦᠨ ᠠᠮᠠ ᠶᠢᠨ ᠲᠣᠭᠠᠯᠠᠯᠭ᠎ᠠ ᠶᠢᠨ ᠪᠠᠷᠢᠮᠲᠠ ᠶᠢ ᠨᠣᠮ ᠪᠣᠯᠭᠠᠵᠠᠢ | News.MN

ᠠᠩᠬᠠᠨ ᠤ ᠬᠥᠮᠦᠨ ᠠᠮᠠ ᠶᠢᠨ ᠲᠣᠭᠠᠯᠠᠯᠭ᠎ᠠ ᠶᠢᠨ ᠪᠠᠷᠢᠮᠲᠠ ᠶᠢ ᠨᠣᠮ ᠪᠣᠯᠭᠠᠵᠠᠢ

ᠨᠡᠷᠡᠲᠦ ᠮᠣᠩᠭᠣᠯᠴᠢ ᠡᠷᠳᠡᠮᠲᠡᠨ ᠫᠷᠣᠹᠧᠰᠰᠣᠷ ᠺᠤᠲᠸᠢᠴ  ᠤᠨ ᠠᠷᠬᠢᠪ ᠲᠤ ᠬᠠᠳᠠᠭᠠᠯᠠᠭᠳᠠᠵᠤ ᠪᠤᠶ ᠮᠣᠩᠭᠣᠯ ᠤᠯᠤᠰ ᠲᠤ 1915-1916 ᠣᠨ ᠳᠤ ᠶᠠᠪᠤᠭᠤᠯᠤᠭᠰᠠᠨ ᠬᠥᠮᠦᠨ ᠠᠮᠠ ᠲᠣᠭᠠᠯᠠᠯᠭ᠎ᠠ ᠶᠢᠨ ᠪᠠᠷᠢᠮᠲᠠ ᠨᠤᠭᠤᠳ ᠢ ᠨᠢᠭᠡᠳᠬᠡᠭ᠍ᠰᠡᠨ《ᠮᠣᠩᠭᠣᠯ ᠤᠯᠤᠰ ᠤᠨ ᠬᠥᠮᠦᠨ ᠠᠮᠠ ᠶᠢᠨ ᠲᠣᠭᠠᠯᠠᠯᠭ᠎ᠠ ᠶᠢᠨ ᠬᠡᠷᠡᠭ᠍ᠯᠡᠭ᠍ᠳᠡᠬᠦᠨ 》 ︵ 1915-1916︶ ᠭᠡᠬᠦ ᠶᠢᠰᠤᠨ ᠪᠣᠳᠢ ᠨᠣᠮ ᠤᠨ ᠨᠡᠭᠡᠭᠡᠯᠲᠡ 05 ᠰᠠᠷ᠎ᠠ ᠶᠢᠨ 09 ᠳᠦ ᠪᠣᠯᠣᠯ᠎ᠠ ᠃

ᠡᠨᠡ ᠬᠦ ᠬᠥᠮᠦᠨ ᠠᠮᠠ ᠶᠢᠨ ᠳᠠᠩᠰᠠ ᠮᠠᠲ᠋ᠧᠷᠢᠶᠠᠯ ᠨᠢ 1915-1916 ᠣᠨ ᠳᠤ ᠬᠠᠯᠬ᠎ᠠ ᠶᠢᠨ ᠰᠠᠢᠨ ᠨᠣᠶᠠᠨ ᠬᠠᠨ᠂ ᠵᠠᠰᠠᠭᠲᠤ ᠬᠠᠨ᠂ ᠲᠦᠰᠢᠶᠡᠲᠦ ᠬᠠᠨ᠂ ᠰᠡᠴᠡᠨ ᠬᠠᠨ ᠠᠢᠮᠠᠭ ᠤᠨ 40 ᠭᠠᠷᠦᠢ ᠬᠣᠰᠢᠭᠤᠳ ᠤᠨ ᠬᠥᠮᠦᠨ ᠠᠮᠠ ᠶᠢ ᠪᠦᠷᠢᠳᠬᠡᠵᠦ᠂ ᠡᠳ᠋ ᠦᠨ ᠵᠠᠰᠠᠭ ᠤᠨ ᠬᠡᠷᠡᠭ᠍ᠯᠡᠭᠡ ᠶᠢ ᠨᠠᠷᠢᠪᠴᠢᠯᠠᠨ ᠰᠤᠳᠤᠯᠵᠤ᠂ ᠬᠣᠰᠢᠭᠤᠨ ᠤ ᠨᠣᠶᠠᠳ ᠤᠨ ᠲᠤᠬᠠᠶ ᠤᠷᠦᠰ᠂ ᠮᠣᠩᠭᠣᠯ ᠬᠡᠯᠡ ᠪᠡᠷ ᠲᠠᠢᠯᠤᠨ ᠪᠣᠯᠭᠠᠵᠤ ᠪᠢᠴᠢᠭ᠍ᠰᠡᠨ ᠪᠥᠭᠡᠳ ᠬᠣᠰᠢᠭᠤᠨ ᠤ ᠨᠡᠭᠦᠳᠡᠯ᠂ ᠰᠦᠮ᠎ᠡ ᠬᠡᠢᠢᠳ᠂ ᠲᠡᠦᠬᠡ ᠰᠣᠶᠤᠯ ᠤᠨ ᠳᠤᠷᠠᠰᠬᠠᠯ ᠢ ᠨᠠᠷᠢᠪᠴᠢᠯᠠᠨ ᠰᠤᠳᠤᠯᠤᠭᠰᠠᠨ ᠦᠨ᠎ᠡ ᠴᠡᠨ᠎ᠡ ᠲᠠᠢ ᠪᠠᠷᠢᠮᠲᠠ ᠶᠤᠮ᠃ ᠲᠤᠰ ᠪᠠᠷᠢᠮᠲᠠ ᠶᠢ ᠥᠨᠥ ᠶᠢ ᠬᠦᠷᠳᠡᠯ᠎ᠠ ᠰᠤᠳᠤᠯᠭᠠᠨ ᠤ ᠡᠷᠭᠢᠯᠲᠡ ᠳᠤ ᠣᠷᠣᠭᠤᠯᠵᠤ ᠠᠰᠢᠭ᠌ᠯᠠᠭᠰᠠᠨ ᠰᠤᠳᠤᠯᠤᠭᠠᠴᠢ ᠮᠣᠩᠭᠣᠯ ᠤᠯᠤᠰ ᠲᠤ ᠪᠠᠢᠬᠤ ᠦᠭᠡᠶ᠃

ᠰᠡᠳᠬᠢᠭᠳᠡᠯ ᠦᠯᠡᠳᠡᠭᠡᠬᠦ