《 ᠳᠡᠯᠡᠬᠡᠢ ᠳᠤ ᠲᠠᠷᠬᠠᠭᠰᠠᠨ ᠮᠣᠩᠭᠣᠯ ᠥᠪ 》 ᠪᠦᠲᠦᠭᠡᠯ  ᠢ ᠫᠠᠷᠯᠠᠮᠧᠨ᠋ᠲ ᠤᠨ ᠨᠣᠮ ᠤᠨ ᠰᠠᠩ ᠳᠤ ᠪᠡᠯᠡᠭ᠍ᠯᠡᠪᠡ | News.MN

《 ᠳᠡᠯᠡᠬᠡᠢ ᠳᠤ ᠲᠠᠷᠬᠠᠭᠰᠠᠨ ᠮᠣᠩᠭᠣᠯ ᠥᠪ 》 ᠪᠦᠲᠦᠭᠡᠯ  ᠢ ᠫᠠᠷᠯᠠᠮᠧᠨ᠋ᠲ ᠤᠨ ᠨᠣᠮ ᠤᠨ ᠰᠠᠩ ᠳᠤ ᠪᠡᠯᠡᠭ᠍ᠯᠡᠪᠡ

ᠤᠯᠤᠰ ᠤᠨ ᠶᠡᠬᠡ᠎ ᠬᠤᠷᠠᠯ ᠤᠨ ᠲᠠᠮᠠᠭ᠎ᠠ ᠶᠢᠨ ᠭᠠᠵᠠᠷ ᠤᠨ ᠳᠡᠷᠭᠡᠳᠡᠬᠢ ᠫᠠᠷᠯᠠᠮᠧᠨ᠋ᠲ ᠤᠨ ᠰᠤᠳᠤᠯᠭ᠎ᠠ ᠂ ᠬᠥᠭ᠍ᠵᠢᠯ ᠤᠨ ᠬᠦᠷᠢᠶᠡᠯᠡᠩ ᠨᠢ 《 ᠴᠢᠩᠭᠢᠰ ᠬᠠᠭᠠᠨ》 ᠦᠨᠳᠦᠰᠦᠨ ᠤ ᠮᠦᠽᠧᠢ ᠶᠢᠨ ᠵᠠᠬᠢᠷᠤᠯ ᠂ ᠠᠺᠠᠳᠧᠮᠢᠴᠢ  ᠰ ∙ ᠴᠢᠯᠠᠭᠤᠨ ᠢ ᠤᠷᠢᠵᠤ ᠂ 《 ᠳᠡᠯᠡᠬᠡᠢ ᠳᠤ ᠲᠠᠷᠬᠠᠭᠰᠠᠨ ᠮᠣᠩᠭᠣᠯ ᠥᠪ ᠄ ᠪᠦᠳᠦᠠ ᠲᠡᠦᠬᠡ ᠶ᠋ᠢᠨ ᠲᠥᠯᠥᠭᠡ 》 12 ᠪᠣᠳᠢ ᠪᠦᠲᠦᠭᠡᠯ ᠤᠨ  ᠲᠤᠬᠠᠢ《 ᠵᠣᠬᠢᠶᠠᠭ᠌ᠴᠢ ᠤᠩᠰᠢᠭ᠌ᠴᠢᠳ ᠤᠨ ᠠᠭᠤᠯᠵᠠᠯᠲᠠ 》 ᠢ ᠫᠠᠷᠯᠠᠮᠧᠨ᠋ᠲ ᠤᠨ ᠨᠣᠮ ᠤᠨ ᠰᠠᠩ ᠳᠤ ᠵᠣᠬᠢᠶᠠᠨ ᠪᠠᠢᠭᠤᠯᠪᠠ ᠃

ᠫᠠᠷᠯᠠᠮᠧᠨ᠋ᠲ ᠤᠨ ᠰᠤᠳᠤᠯᠭ᠎ᠠ ᠂ ᠬᠥᠭ᠍ᠵᠢᠯ ᠤᠨ ᠬᠦᠷᠢᠶᠡᠯᠡᠩ ᠦᠨ ᠵᠠᠬᠢᠷᠤᠯ ᠳ∙ ᠪᠤᠮᠳᠠᠷᠢ᠄ ᠲᠤᠰ ᠬᠦᠷᠢᠶᠡᠯᠡᠩ ᠫᠠᠷᠯᠠᠮᠧᠨ᠋ᠲ ᠤᠨ ᠨᠣᠮ ᠤᠨ ᠰᠠᠩ ᠢᠶᠡᠷ ᠢᠶᠠᠨ ᠳᠠᠮᠵᠢᠭᠤᠯᠤᠨ ᠰᠢᠨ᠎ᠡ ᠰᠣᠷᠭᠣᠭ ᠪᠦᠲᠦᠭᠡᠯ ᠢ ᠣᠯᠠᠨ ᠨᠡᠢᠲᠡ ᠂ ᠤᠩᠰᠢᠭ᠌ᠴᠢᠳ ᠲᠠᠭᠠᠨ ᠲᠠᠨᠢᠭᠤᠯᠬᠤ ᠵᠣᠷᠢᠯᠭ᠎ᠠ ᠶᠢᠨ ᠬᠦᠷᠢᠶᠡᠨ ᠳᠤ 《 ᠵᠣᠬᠢᠶᠠᠭ᠌ᠴᠢ ᠤᠩᠰᠢᠭ᠌ᠴᠢᠳ ᠤᠨ ᠠᠭᠤᠯᠵᠠᠯᠲᠠ 》 ᠢ ᠴᠤᠪᠤᠷᠠᠯ ᠢᠶᠠᠷ ᠶᠠᠪᠤᠭᠤᠯᠬᠤ ᠪᠣᠯᠣᠭᠰᠠᠨ ᠢ ᠣᠨᠴᠠᠯᠠᠪᠠ ᠃

《 ᠳᠡᠯᠡᠬᠡᠢ ᠳᠤ ᠲᠠᠷᠬᠠᠭᠰᠠᠨ ᠮᠣᠩᠭᠣᠯ ᠥᠪ ᠲᠥᠰᠥᠯ 》 ᠢ 2011 ᠣᠨ ᠳᠤ ᠡᠬᠢᠯᠡᠭᠦᠯᠵᠦ᠂ ᠡᠨᠡ ᠬᠦᠷᠢᠶᠡᠨ ᠳᠤ 12 ᠪᠣᠳᠢ ᠪᠦᠲᠦᠭᠡᠯ ᠢ ᠬᠡᠪᠯᠡᠭᠦᠯᠵᠡᠢ᠃ ᠣᠷᠣᠰ᠂ ᠬᠠᠩᠭᠠᠷᠢ  ᠶᠠᠫᠤᠨ᠂ ᠲᠠᠢᠸᠠᠨ ᠂ ᠨᠤᠷᠸᠠᠢ ᠵᠡᠷᠭᠡ ᠤᠯᠤᠰ ᠲᠤ ᠬᠠᠳᠠᠭᠠᠯᠠᠭᠳᠠᠵᠤ ᠪᠤᠶ ᠮᠣᠩᠭᠣᠯᠴᠤᠳ ᠤᠨ ᠠᠵᠤ ᠠᠬᠤᠢ ᠂ ᠪᠢᠴᠢᠭ ᠦᠰᠦᠭ ᠂ ᠪᠤᠷᠬᠠᠨ ᠱᠠᠰᠢᠨ ᠂ ᠪᠥᠭᠡ ᠮᠥᠷᠭᠦᠯ ᠂ ᠠᠷᠭᠸᠦᠯᠦᠬᠢ ᠂  ᠲᠡᠦᠬᠡ ᠲᠠᠢ ᠬᠣᠯᠪᠤᠭ᠎ᠠ ᠲᠠᠢ ᠡᠳ᠋ ᠥᠯᠥᠭ ᠦᠨ ᠵᠦᠢᠯ ᠢ ᠨᠢᠭᠡᠳᠬᠡᠨ ᠂ ᠮᠣᠩᠭᠣᠯ ᠬᠡᠯᠡ ᠪᠡᠷ ᠤᠩᠰᠢᠭ᠌ᠴᠢᠳ ᠤᠨ ᠬᠦᠷᠲᠡᠭᠡᠯ  ᠪᠣᠯᠭᠠᠭᠰᠠᠨ ᠪᠠᠢᠨ᠎ᠠ ᠃

 

ᠰᠡᠳᠬᠢᠭᠳᠡᠯ ᠦᠯᠡᠳᠡᠭᠡᠬᠦ