ᠮᠣᠩᠭᠣᠯ ᠤᠯᠤᠰ ᠠᠴᠠ ᠡᠷᠬᠢᠮᠰᠦᠭ ᠭᠦᠩᠵᠦ ᠮᠠᠾᠠ ᠴᠠᠺᠷᠢ ᠶᠢᠨ ᠨᠡᠷᠡᠮᠵᠢᠲᠦ ᠱᠠᠩᠨᠠᠯ ᠳᠤ《ᠡᠨᠡᠷᠢᠯ 》ᠮᠡᠷᠭᠡᠵᠢᠯ ᠤᠨ ᠪᠣᠯᠪᠠᠰᠤᠷᠠᠯ ᠤᠨ ᠰᠤᠷᠭᠠᠭᠤᠯᠢ ᠶᠢᠨ ᠰᠤᠷᠭᠠᠯᠲᠠ ᠶᠢᠨ ᠮᠧᠨᠧᠵᠧᠷ ᠠ∙ ᠤᠶᠠᠩᠭ᠎ᠠ ᠶᠢ ᠨᠡᠷ᠎ᠡ ᠳᠡᠪᠰᠢᠭᠦᠯᠵᠡᠢ᠃ ᠲᠠᠢᠯᠠᠨᠳ᠋ ᠤᠨ ᠡᠷᠬᠢᠮᠰᠦᠭ ᠭᠦᠩᠵᠦ ᠮᠠᠾᠠ ᠴᠠᠺᠷᠢ ᠶᠢᠨ 60 ᠨᠠᠰᠤᠨ ᠤ ᠣᠢ ᠶᠢ ᠲᠣᠬᠢᠶᠠᠯᠳᠤᠭᠤᠯᠤᠨ 2015 ᠣᠨ ᠠᠴᠠ ᠬᠤᠢᠰᠢ ᠬᠣᠶᠠᠷ ᠵᠢᠯ ᠲᠤᠲᠤᠮ ᠵᠡᠭᠦᠨ ᠡᠮᠦᠨᠡᠳᠦ ᠠᠽᠢᠶ᠎ᠠ ᠶᠢᠨ ᠣᠷᠣᠨ ᠨᠤᠭᠤᠳ ᠪᠤᠯᠦᠠ ᠲᠢᠮᠤᠷ ᠯᠧᠰᠲ᠋ᠧ ᠲᠤ《ᠡᠷᠬᠢᠮᠰᠦᠭ ᠭᠦᠩᠵᠦ ᠮᠠᠾᠠ ᠴᠠᠺᠷᠢ ᠶᠢᠨ ᠨᠡᠷᠡᠮᠵᠢᠲᠦ ᠱᠠᠩᠨᠠᠯ 》 ᠢ ᠣᠯᠭᠣᠵᠤ ᠢᠷᠡᠭ᠍ᠰᠡᠨ᠃ ᠲᠤᠰ ᠱᠠᠩᠨᠠᠯ ᠨᠢ ᠪᠣᠯᠪᠠᠰᠤᠷᠠᠯ ᠤᠨ ᠰᠠᠯᠪᠤᠷᠢ ᠳᠤ ᠲᠤᠤᠱᠲᠠᠢ ᠵᠢᠳᠬᠦᠭ᠍ᠰᠡᠨ᠂ ᠬᠡᠦᠬᠡᠳ ᠦᠳ ᠦᠨ ᠠᠮᠢᠳᠤᠷᠠᠯ ᠳᠤ ᠪᠣᠳᠠᠲᠤ ᠨᠦᠯᠤᠬᠡ ᠦᠵᠡᠭᠦᠯᠦᠭ᠍ᠰᠡᠨ ᠪᠠᠭ᠌ᠰᠢ ᠨᠠᠷ ᠢ ᠬᠦᠨᠳᠦᠳᠬᠡᠨ ᠠᠯᠳᠠᠷᠰᠢᠭᠤᠯᠬᠤ ᠂ ᠲᠡᠳᠡᠨ ᠤ ᠮᠡᠷᠭᠡᠵᠢᠯ ᠤᠨ ᠬᠥᠭ᠍ᠵᠢᠯ ᠂ ᠣᠯᠠᠨ ᠤᠯᠤᠰ ᠤᠨ ᠬᠠᠮᠲᠤ ᠶ᠋ᠢᠨ ᠠᠵᠢᠯᠯᠠᠭ᠎ᠠ ᠶᠢ ᠳᠡᠮᠵᠢᠬᠦ ᠵᠣᠷᠢᠯᠭ᠎ᠠ ᠲᠠᠢ᠃
ᠲᠤᠰ ᠱᠠᠩᠨᠠᠯ ᠤᠨ ᠬᠠᠮᠤᠷᠬᠤ ᠬᠦᠷᠢᠶ᠎ᠡ ᠶᠢ 2025 ᠣᠨ ᠠᠴᠠ ᠥᠷᠭᠡᠵᠢᠭᠦᠯᠵᠦ ᠪᠧᠩᠭᠠᠯ᠂ ᠪᠦᠲ᠋ᠠᠨ ᠂ ᠮᠣᠩᠭᠣᠯ ᠤᠯᠤᠰ ᠠᠩᠬ᠎ᠠ ᠤᠳᠠᠭ᠎ᠠ ᠪᠠᠭᠲᠠᠭᠰᠠᠨ ᠪᠡᠢᠨ᠎ᠡ᠃ ᠲᠡᠭᠡᠭᠡᠳ ᠠ∙ ᠤᠶᠠᠩᠭ᠎ᠠ ᠡᠷᠬᠢᠮᠰᠦᠭ ᠭᠦᠩᠵᠦ ᠠᠴᠠ ᠡᠨᠡ ᠣᠨ ᠤ ᠠᠷᠪᠠᠳᠤᠭᠠᠷ ᠰᠠᠷ᠎ᠠ ᠶᠢᠨ 15 ᠳᠤ ᠱᠠᠩᠨᠠᠯ ᠢᠶᠠᠨ ᠭᠠᠷᠳᠠᠨ ᠠᠪᠬᠤ ᠶᠤᠮ᠃