ᠺᠠᠨᠠᠳᠠ ᠶᠢᠨ ᠮᠡᠷᠭᠡᠵᠢᠯ ᠤᠨ ᠦᠢᠯᠡᠴᠢᠯᠡᠭᠡᠨ ᠤ ᠪᠠᠢᠭᠤᠯᠤᠯᠭ᠎ᠠ︵ CESO︶ ᠶᠢᠨ ᠲᠥᠯᠥᠭᠡᠯᠡᠭ᠍ᠴᠢ ᠶᠢᠨ ᠭᠠᠵᠠᠷ ᠤᠨ ᠰᠠᠭᠤᠷᠢᠨ ᠲᠥᠯᠦᠭᠡᠯᠡᠭ᠍ᠴᠢ ᠬᠠᠲᠤᠭᠲᠠᠶ ᠵᠧᠨᠢᠹᠧᠷ ᠠᠳᠠᠮᠰ ᠠᠷᠤᠬᠠᠩᠭᠠᠢ ᠠᠢᠮᠠᠭ ᠤᠨ ᠢᠷᠭᠡᠳ ᠤᠨ ᠲᠥᠯᠥᠭᠡᠯᠡᠭ᠍ᠴᠢᠳ ᠤᠨ ᠬᠤᠷᠠᠯ ᠤᠨ ᠳᠠᠷᠤᠭ᠎ᠠ ᠫ᠊∙ ᠭᠣᠮᠪᠣᠳᠣᠷᠵᠢ ᠲᠠᠢ ᠡᠨᠡ ᠰᠠᠷ᠎ᠠ ᠶᠢᠨ 8 ᠣ ᠡᠳᠦᠷ ᠠᠭᠤᠯᠵᠠᠯ᠎ᠠ ᠃
ᠺᠠᠨᠠᠳᠠ ᠤᠯᠤᠰ ᠤᠨ ᠵᠠᠰᠠᠭ ᠤᠨ ᠭᠠᠵᠠᠷ ᠤᠨ ᠰᠠᠩᠬᠦᠦᠵᠢᠯᠲᠡ ᠪᠡᠷ ᠲᠠᠪᠤᠨ ᠵᠢᠯ ᠦᠨ ᠬᠤᠭᠤᠴᠠᠭ᠎ᠠ ᠲᠠᠢ《ᠺᠠᠨᠠᠳᠠ ᠮᠣᠩᠭᠣᠯ ᠤᠨ ᠮᠧᠷᠢᠲ》 ᠲᠥᠰᠥᠯ ᠢ ᠳᠥᠷᠪᠡᠳᠦᠭᠡᠷ ᠰᠠᠷ᠎ᠠ ᠡᠴᠡ ᠬᠡᠷᠡᠭ᠍ᠵᠢᠭᠦᠯᠵᠦ ᠡᠬᠢᠯᠡᠭ᠍ᠰᠡᠨ ᠪᠥᠭᠡᠳ ᠲᠥᠰᠥᠯ ᠦᠨ ᠨᠢᠭᠡ ᠬᠡᠰᠡᠭ ᠢ 2.5 ᠵᠢᠯ ᠦᠨ ᠬᠤᠭᠤᠴᠠᠭ᠎ᠠ ᠲᠠᠢ ᠠᠷᠤᠬᠠᠩᠭᠠᠢ ᠠᠢᠮᠠᠭ ᠲᠤ ᠬᠡᠷᠡᠭ᠍ᠵᠢᠭᠦᠯᠦᠨᠡ᠃ ᠵᠣᠷᠢᠯᠭ᠎ᠠ ᠨᠢ ᠢᠷᠭᠡᠳ ᠲᠤ ᠲᠥᠷᠦ ᠶᠢᠨ ᠦᠢᠯᠡᠴᠢᠯᠡᠭᠡ ᠶᠢ ᠴᠠᠬᠢᠮ ᠢᠶᠠᠷ ᠬᠦᠷᠭᠡᠬᠦ ᠴᠢᠳᠠᠮᠵᠢ ᠂ ᠬᠦᠷᠲᠡᠮᠵᠢ ᠶᠢ ᠨᠡᠮᠡᠭ᠍ᠳᠡᠭᠦᠯᠬᠦ᠂ ᠴᠠᠬᠢᠮ ᠣᠷᠴᠢᠨ ᠳᠤ ᠠᠵᠢᠯᠯᠠᠬᠤ ᠮᠡᠳᠡᠯᠭᠡ ᠴᠢᠳᠠᠪᠤᠷᠢ ᠶᠢ ᠳᠡᠭᠡᠭ᠍ᠰᠢᠯᠡᠭᠦᠯᠬᠦ ᠶᠤᠮ ᠃