《ᠴᠢᠩᠭᠢᠰ ᠬᠠᠭᠠᠨ》ᠦᠨᠳᠦᠰᠦᠨ ᠤ ᠮᠦᠽᠧᠢ ᠶᠢᠨ ᠰᠤᠳᠤᠯᠭᠠᠨ᠂ ᠰᠠᠩ ᠬᠥᠮᠥᠷᠭᠡ ᠶᠢᠨ ᠡᠷᠬᠢᠯᠡᠭ᠍ᠴᠢ ᠪᠢᠮᠪᠠᠷᠠᠭᠴᠠ ᠶᠢᠨ ᠰᠠᠨᠠᠭᠠᠴᠢᠯᠠᠨ ᠬᠡᠪᠯᠡᠭᠦᠯᠦᠭ᠍ᠰᠡᠨ《ᠳᠣᠷᠣᠨ᠎ᠠ ᠶᠢ ᠳᠤᠷᠠᠨᠳᠠᠬᠤᠢ》ᠬᠡᠮᠡᠬᠦ ᠬᠠᠩᠭᠠᠷᠢ ᠶᠢᠨ ᠤᠭᠰᠠᠭᠠᠲᠠᠨ ᠰᠤᠳᠤᠯᠤᠭᠠᠴᠢ ᠯᠠᠰᠯᠤ᠋ ᠹᠦᠯᠳᠧᠱ ᠦᠨ ᠬᠡᠷᠡᠯ ᠵᠢᠷᠤᠭ ᠤᠨ ᠴᠤᠭᠯᠠᠭᠤᠯᠭ᠎ᠠ ᠳ᠋ᠡᠬᠢ ᠮᠣᠩᠭᠣᠯᠴᠤᠳ ᠤᠨ ᠳᠦᠷᠰᠦᠯᠡᠯ ᠨᠣᠮ ᠢ ᠣᠯᠠᠨ ᠤ ᠬᠦᠷᠲᠡᠭᠡᠯ ᠪᠣᠯᠭᠠᠯ᠎ᠠ᠃
《ᠳᠣᠷᠣᠨ᠎ᠠ ᠶᠢ ᠳᠤᠷᠠᠨᠳᠠᠬᠤᠢ》ᠨᠣᠮ ᠳᠤ ᠯᠠᠰᠯᠤ᠋ ᠹᠦᠯᠳᠧᠱ ᠦᠨ ᠮᠣᠩᠭᠣᠯ ᠳᠤ ᠬᠢᠭ᠍ᠰᠡᠨ ᠬᠡᠭᠡᠷ᠎ᠡ ᠶᠢᠨ ᠰᠤᠳᠤᠯᠭᠠᠨ ᠤ ᠦᠶ᠎ᠡ ᠪᠠᠷ ᠠᠪᠤᠭᠰᠠᠨ 250 ᠭᠠᠷᠦᠢ ᠬᠡᠷᠡᠯ ᠵᠢᠷᠤᠭ ᠢ ᠠᠩᠬ᠎ᠠ ᠤᠳᠠᠭ᠎ᠠ ᠬᠡᠪᠯᠡᠭ᠍ᠰᠡᠨ ᠪᠥᠭᠡᠳ ᠵᠡᠭᠦᠨ ᠪᠦᠰᠡ ᠨᠤᠲᠤᠭ ᠤᠨ ᠮᠣᠩᠭᠣᠯᠴᠤᠳ ᠤᠨ ᠠᠬᠤᠶ ᠠᠮᠢᠳᠤᠷᠠᠯ᠂ ᠭᠡᠷ ᠣᠷᠣᠨ ᠰᠠᠭᠤᠴᠠ᠂ ᠬᠤᠪᠴᠠᠰᠤ᠂ ᠮᠠᠯᠴᠢᠳ ᠤᠨ ᠨᠡᠭᠦᠳᠡᠯ᠂ ᠨᠤᠲᠤᠭ᠌ᠰᠢᠯ᠂ ᠭᠡᠷ ᠠᠬᠤᠢ ᠶᠢᠨ ᠡᠳ᠋ᠯᠡᠯ ᠭᠡᠷᠡᠭ᠍ᠰᠡᠯ᠂ ᠭᠠᠷ ᠤᠷᠠᠯᠠᠯ ᠵᠡᠷᠭᠡ ᠣᠯᠠᠨ ᠲᠠᠯ᠎ᠠ ᠶᠢᠨ ᠮᠡᠳᠡᠭᠡᠯᠡᠯ ᠠᠭᠤᠯᠵᠤ ᠪᠣᠢ ᠪᠠᠷ ᠢᠶᠠᠨ ᠣᠨᠴᠠᠯᠢᠭ ᠲᠠᠢ ᠃
ᠯᠠᠰᠯᠤ᠋ ᠹᠦᠯᠳᠧᠱ 1967 ᠣᠨ ᠳᠤ ᠠᠩᠬ᠎ᠠ ᠮᠣᠩᠭᠣᠯ ᠳᠤ ᠢᠷᠡᠭ᠍ᠰᠡᠨ ᠪᠣᠯ ᠲᠡᠭᠦᠨ ᠤ ᠠᠪᠤᠭᠰᠠᠨ ᠬᠡᠷᠡᠯ ᠵᠢᠷᠤᠭ ᠤᠳ ᠨᠢ 20 ᠵᠠᠭᠤᠨ ᠤ ᠳᠤᠮᠳᠠ ᠦᠶ᠎ᠡ ᠶᠢᠨ ᠮᠣᠩᠭᠣᠯ ᠮᠠᠯᠴᠢᠳ ᠤᠨ ᠨᠤᠲᠤᠭ᠌ᠰᠢᠯ᠂ ᠨᠡᠭᠦᠳᠡᠯ ᠤᠨ ᠮᠠᠯ ᠠᠵᠤ ᠠᠬᠤᠶ ᠡᠷᠬᠢᠯᠡᠯᠲᠡ᠂ ᠮᠣᠩᠭᠣᠯᠴᠤᠳ ᠤᠨ ᠤᠯᠠᠮᠵᠢᠯᠠᠯᠲᠤ ᠠᠮᠢᠳᠤᠷᠠᠯ ᠤᠨ ᠬᠡᠪ ᠮᠠᠶ᠋ᠢᠭ᠂ ᠬᠤᠪᠴᠠᠰᠤ᠂ ᠭᠡᠷ᠂ ᠣᠷᠣᠨ ᠰᠠᠭᠤᠴᠠ᠂ ᠡᠳ᠋ᠯᠡᠯ ᠬᠡᠷᠡᠭ᠍ᠰᠡᠯ ᠢ ᠬᠠᠷᠠᠭᠤᠯᠵᠠᠢ᠃ ᠲᠡᠭᠦᠨ ᠤ ᠰᠤᠳᠤᠯᠭᠠᠨ ᠤ ᠶᠠᠪᠤᠴᠠ ᠳᠤ ᠠᠪᠤᠭᠰᠠᠨ 700 ᠭᠠᠷᠦᠢ ᠬᠡᠷᠡᠯ ᠵᠢᠷᠤᠭ ᠢ ᠡᠳᠦᠭᠡ ᠬᠠᠩᠭᠠᠷᠢ ᠶᠢᠨ ᠤᠭᠰᠠᠭᠠᠲᠠᠨ ᠤ ᠵᠦᠢ ᠶᠢᠨ ᠮᠦᠽᠧᠢ ᠶᠢᠨ ᠰᠠᠩ ᠬᠥᠮᠥᠷᠭᠡ ᠳᠤ ᠬᠠᠯᠢᠰᠦ ᠪᠤᠯᠦᠠ ᠴᠠᠭᠠᠰᠤᠨ ᠬᠡᠯᠪᠡᠷᠢ ᠪᠡᠷ ᠬᠠᠳᠠᠭᠠᠯᠠᠵᠤ ᠪᠡᠢᠨ᠎ᠡ᠃