ᠮᠣᠩᠭᠣᠯ ᠂ ᠬᠠᠰᠠᠭᠰᠲ᠋ᠠᠨ ᠤ ᠭᠠᠳᠠᠭᠠᠳᠤ ᠬᠠᠷᠢᠯᠴᠠᠭᠠᠨ ᠤ ᠰᠠᠢᠳ ᠨᠠᠷ ᠤᠲᠠᠰᠤ ᠪᠡᠷ ᠶᠠᠷᠢᠪᠠ | News.MN

ᠮᠣᠩᠭᠣᠯ ᠂ ᠬᠠᠰᠠᠭᠰᠲ᠋ᠠᠨ ᠤ ᠭᠠᠳᠠᠭᠠᠳᠤ ᠬᠠᠷᠢᠯᠴᠠᠭᠠᠨ ᠤ ᠰᠠᠢᠳ ᠨᠠᠷ ᠤᠲᠠᠰᠤ ᠪᠡᠷ ᠶᠠᠷᠢᠪᠠ

ᠬᠠᠰᠠᠭᠰᠲ᠋ᠠᠨ ᠤ ᠭᠠᠳᠠᠭᠠᠳᠤ ᠬᠠᠷᠢᠯᠴᠠᠭᠠᠨ ᠤ ᠰᠠᠢᠳ᠂ ᠶᠡᠷᠦᠩᠬᠡᠶ ᠰᠠᠢᠳ ᠤᠨ ᠣᠷᠤᠯᠠᠭ᠌ᠴᠢ ᠮᠤᠷᠠᠲ ᠨᠤᠷᠲᠯᠡᠤ᠂ ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠢᠳ ᠪ ∙ ᠪᠠᠲᠤᠴᠠᠴᠠᠭ᠌ ᠲᠠᠢ ᠥᠴᠥᠭᠡᠳᠦᠷ ᠤᠲᠠᠰᠤ ᠪᠡᠷ ᠶᠠᠷᠢᠪᠠ᠃ ᠲᠡᠳᠡ ᠲᠡᠭᠡᠭᠡᠪᠦᠷᠢ ᠶᠢᠨ ᠯᠣᠭᠢᠰᠲᠢᠻ᠂ ᠬᠥᠷᠥᠩᠭᠡ ᠣᠷᠤᠭᠤᠯᠤᠯᠲᠠ᠂ ᠡᠳ᠋ ᠦᠨ ᠵᠠᠰᠠᠭ᠂ ᠬᠤᠳᠠᠯᠳᠤᠭ᠎ᠠ ᠶᠢ ᠬᠥᠭ᠍ᠵᠢᠭᠦᠯᠬᠦ ᠵᠡᠷᠭᠡ ᠪᠠᠷ ᠬᠣᠶᠠᠷ ᠲᠠᠯ᠎ᠠ ᠶᠢᠨ ᠬᠠᠮᠲᠤ ᠶ᠋ᠢᠨ ᠠᠵᠢᠯᠯᠠᠭᠠᠨ ᠤ ᠥᠨᠦ ᠶᠢᠨ ᠪᠠᠢᠳᠠᠯ᠂ ᠬᠡᠲᠦ ᠶᠢᠨ ᠲᠥᠯᠦᠪ ᠤᠨ ᠲᠠᠯ᠎ᠠ ᠪᠠᠷ ᠶᠠᠷᠢᠯᠴᠠᠭᠰᠠᠨ ᠪᠡᠢᠨ᠎ᠡ ᠃

ᠤᠯᠠᠮ ᠢᠶᠠᠷ ᠮᠣᠩᠭᠣᠯ ᠂ ᠬᠠᠰᠠᠭᠰᠲ᠋ᠠᠨ ᠤ ᠰᠲᠷᠠᠲ᠋ᠧᠭᠢ ᠶᠢᠨ ᠲᠦᠩᠰᠢᠯᠡᠯ ᠢ ᠭᠦᠨᠵᠡᠭᠡᠢᠢᠷᠡᠭᠦᠯᠬᠦ ᠂ ᠦᠡᠳᠦᠷ ᠲᠦᠪᠰᠢᠨ ᠦ ᠭᠡᠷ᠎ᠡ ᠬᠡᠯᠡᠯᠴᠡᠭᠡᠷ ᠢ ᠬᠡᠷᠡᠭ᠍ᠵᠢᠭᠦᠯᠬᠦ ᠳᠤ ᠬᠣᠶᠠᠷ ᠲᠠᠯ᠎ᠠ ᠶᠢᠨ ᠬᠦᠴᠦᠨ ᠴᠢᠷᠮᠠᠢᠢᠯᠲᠠ ᠴᠢᠬᠤᠯᠠ ᠪᠠᠢᠭ᠎ᠠ ᠶᠢ ᠣᠨᠴᠠᠯᠠᠵᠠᠢ ᠃

ᠰᠡᠳᠬᠢᠭᠳᠡᠯ ᠦᠯᠡᠳᠡᠭᠡᠬᠦ