ᠬᠤᠢᠳᠤ ᠠᠮᠧᠷᠢᠺᠠ ᠶᠢᠨ ᠴᠠᠬᠢᠮ ᠰᠫᠣᠷᠲ ᠤᠨ ᠪᠠᠢᠭᠤᠯᠤᠯᠭ᠎ᠠ Team Liquid ᠤᠨ League Of Legends ᠤᠨ ᠪᠠᠭ ᠲᠤ ᠲᠠᠮᠢᠷᠴᠢᠨ ᠥ∙ ᠭᠠᠩᠪᠠᠲᠤ ᠪᠤᠶᠤ Yuuji ᠨᠢᠭᠡᠳᠴᠡᠢ᠃ jungler ᠷᠣᠯᠢ ᠳᠡᠭᠡᠷ᠎ᠡ ᠲᠣᠭᠯᠠᠳᠠᠭ ᠲᠡᠷᠡ ᠪᠡᠷ ᠲᠤᠰ ᠪᠠᠭ ᠤᠨ ᠵᠢᠷᠭᠤᠭᠠᠳᠠᠬᠢ ᠲᠣᠭᠯᠠᠭ᠌ᠴᠢ ᠪᠣᠯᠣᠭᠰᠠᠨ ᠪᠥᠭᠡᠳ ᠡᠨᠡ ᠤᠯᠠᠷᠢᠯ ᠢ ᠳᠠᠭᠤᠰᠲᠠᠯ᠎ᠠ ᠰᠣᠯᠣᠩᠭᠣᠰ ᠲᠠᠮᠢᠷᠴᠢᠨ UmTi ᠲᠠᠢ ᠰᠡᠯᠭᠦᠵᠦ ᠲᠣᠭᠯᠠᠬᠤ ᠠᠵᠠᠢ᠃ Yuuji ᠤᠨ Team Liquid ᠲᠡᠢ ᠪᠠᠢᠭᠤᠯᠤᠭᠰᠠᠨ ᠭᠡᠷ᠎ᠡ 2026 ᠣᠨ ᠤ ᠠᠷᠪᠠᠨ ᠨᠢᠭᠡᠳᠦᠭᠡᠷ ᠰᠠᠷ᠎ᠠ ᠳᠤ ᠳᠠᠭᠤᠰᠬᠤ ᠭᠡᠨ᠎ᠡ ᠃ Yuuji ᠬᠣᠢᠳᠤ ᠠᠮᠧᠷᠢᠺᠠ ᠶᠢᠨ ᠴᠠᠯᠯᠧᠨᠵᠧᠷᠰ ᠯᠢᠭ ᠲᠤ ᠲᠤᠩ ᠰᠠᠢᠨ ᠲᠣᠭᠯᠠᠵᠤ᠂ ᠬᠣᠶᠠᠷ ᠳᠠᠷᠠᠭᠠᠯᠠᠨ ᠲᠡᠮᠡᠴᠡᠭᠡᠨ ᠤ ᠰᠢᠯᠢᠳᠡᠭ ᠢᠶᠡᠷ ᠲᠣᠳᠣᠷᠠᠵᠤ ᠪᠠᠢᠵᠠᠢ ᠃
Team Liquid ᠤᠨ ᠠᠬᠠᠯᠠᠬᠤ ᠳᠠᠰᠬᠠᠯᠵᠢᠭᠤᠯᠤᠭ᠌ᠴᠢ Spawn ᠶᠠᠷᠢᠬᠤ ᠳᠤ ᠪᠠᠨ᠄ Yuuji ᠶᠢ ᠪᠠᠭ ᠲᠤ ᠪᠠᠨ ᠠᠪᠴᠢᠷᠠᠭᠰᠠᠨ ᠳᠤ ᠪᠠᠨ ᠦᠨᠡᠬᠡᠷ ᠪᠡᠶᠡᠷ ᠲᠠᠢ ᠪᠡᠢᠨ᠎ᠡ᠃ ᠲᠡᠭᠦᠨ ᠢ ᠪᠠᠭ ᠲᠤ ᠪᠠᠨ ᠰᠢᠨ᠎ᠡ ᠰᠠᠨᠠᠭ᠎ᠠ᠂ ᠬᠠᠷᠠᠬᠤ ᠦᠡᠴᠦᠭ ᠠᠪᠴᠢᠷᠠᠨ᠎ᠠ ᠭᠡᠵᠦ ᠪᠣᠳᠣᠵᠤ ᠪᠡᠢᠨ᠎ᠡ ᠭᠡᠵᠡᠢ ᠃