ᠮᠣᠩᠭᠣᠯ ᠤᠨ ᠰᠠᠭᠰᠤᠨ ᠪᠥᠮᠪᠥᠭᠡ ᠶᠢᠨ ᠬᠣᠯᠪᠣᠭ᠎ᠠ ᠂ ᠳᠡᠯᠡᠬᠡᠢ ᠶᠢᠨ ᠰᠠᠭᠰᠤᠨ ᠪᠥᠮᠪᠥᠭᠡ ᠶᠢᠨ ᠬᠣᠯᠪᠣᠭ᠎ᠠ︵ FIBA︶ ᠲᠠᠢ ᠬᠠᠮᠲᠤᠷᠠᠨ 《 World Associaton of Basketball Coach》 ᠶᠢᠨ ᠬᠤᠶᠠᠳᠠᠬᠢ ᠱᠠᠲᠤᠨ ᠤ ᠰᠤᠷᠭᠠᠯᠲᠠ ᠶᠢ ᠡᠨᠡ ᠰᠠᠷ᠎ᠠ ᠶᠢᠨ 5-10 ᠣ ᠡᠳᠦᠷ ᠤᠳ ᠲᠤ ᠵᠣᠬᠢᠶᠠᠨ ᠪᠠᠢᠭᠤᠯᠵᠤ ᠪᠡᠢᠨ᠎ᠡ᠃ ᠰᠤᠷᠭᠠᠯᠲᠠ《ᠡᠲᠦᠭᠡᠨ》ᠶᠡᠭᠡ ᠰᠤᠷᠭᠠᠭᠤᠯᠢ ᠳᠡᠭᠡᠷ᠎ᠡ ᠬᠤᠶᠠᠳᠠᠬᠢ ᠡᠳᠦᠷ ᠢᠶᠡᠨ ᠦᠷᠭᠦᠯᠵᠢᠯᠡᠵᠦ ᠪᠠᠢᠭ᠎ᠠ ᠪᠥᠭᠡᠳ 2023 ᠣᠨ ᠳᠤ ᠪᠣᠯᠣᠭᠰᠠᠨ ᠨᠢᠭᠡᠳᠦᠭᠡᠷ ᠱᠠᠲᠤᠨ ᠤ ᠰᠢᠯᠭᠠᠯᠲᠠ ᠳᠤ ᠲᠡᠩᠴᠡᠭ᠍ᠰᠡᠨ 14 ᠪᠠᠭ᠌ᠰᠢ ᠂ ᠳᠠᠰᠬᠠᠯᠵᠢᠭᠤᠯᠤᠭ᠌ᠴᠢ ᠬᠠᠮᠤᠷᠤᠭᠳᠠᠵᠤ ᠪᠠᠢᠨ᠎ᠠ ᠃
ᠤᠭ ᠰᠤᠷᠭᠠᠯᠲᠠ ᠶᠢ ᠳᠡᠯᠡᠬᠡᠢ ᠶᠢᠨ ᠰᠠᠭᠰᠤᠨ ᠪᠥᠮᠪᠥᠭᠡ ᠶᠢᠨ ᠬᠣᠯᠪᠣᠭᠠᠨ ᠠᠴᠠ ᠭᠡᠰᠢᠭᠦᠨ ᠣᠷᠣᠨ ᠨᠤᠭᠤᠳ ᠲᠠᠭᠠᠨ ᠵᠣᠬᠢᠶᠠᠨ ᠪᠠᠢᠭᠤᠯᠵᠤ ᠂ ᠠᠯᠪᠠᠨ ᠶᠣᠰᠣᠨ ᠤ ᠯᠢᠼᠸᠨ᠋ᠽ ᠣᠯᠭᠣᠳᠠᠭ᠃ ᠡᠨᠡ ᠤᠳᠠᠭ᠎ᠠ ᠶᠢᠨ ᠰᠤᠷᠭᠠᠯᠲᠠ ᠶᠢ FIBA ᠤᠨ ᠮᠡᠷᠭᠡᠵᠢᠯᠲᠡᠨ᠂ ᠲᠦᠨᠢᠰ ᠤᠯᠤᠰ ᠤᠨ ᠢᠷᠭᠡᠠ ᠮᠤᠨᠢᠷ ᠪᠧᠨ ᠰᠯᠢᠮᠠᠨ ᠤᠳᠤᠷᠢᠳᠴᠤ ᠶᠠᠪᠤᠭᠤᠯᠵᠤ ᠪᠡᠢᠨ᠎ᠡ ᠃