ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠬᠠᠷᠢᠶ᠎ᠠ ᠰᠤᠶᠤᠯ᠂ ᠤᠷᠠᠯᠢᠭ ᠰᠤᠳᠤᠯᠤᠯ ᠤᠨ ᠬᠦᠷᠢᠶᠡᠯᠡᠩ ᠦᠨ ᠮᠡᠷᠭᠡᠵᠢᠯᠲᠡᠨ ᠴ ∙ ᠠᠯᠲᠡᠨᠴᠡᠴᠡᠭ᠂ ᠪ ∙ ᠮᠥᠩᠬᠡᠴᠡᠴᠡᠭ᠂ ᠫ ∙ ᠪᠣᠯᠣᠷᠮ᠎ᠠ ᠨᠠᠷ 2022 ᠣᠨ ᠠᠴᠠ 《ᠮᠣᠩᠭᠣᠯ ᠤᠨ ᠡᠵᠡᠨᠲᠦ ᠭᠦᠷᠦᠨ ᠦ ᠦᠶ᠎ᠡ ᠶᠢᠨ ᠮᠣᠩᠭᠣᠯᠴᠤᠳ ᠤᠨ ᠦᠨᠡᠲᠦ ᠵᠦᠢᠯᠡᠰ᠂ ᠰᠤᠶᠤᠯ ᠰᠡᠳᠬᠢᠯᠭᠡ ᠶᠢ ᠪᠠᠷᠢᠮᠲᠠ ᠪᠠᠷ ᠮᠥᠰᠭᠢᠬᠦ ᠨᠢ》 ᠰᠡᠳᠦᠪ ᠢᠶᠡᠷ ᠰᠤᠳᠤᠯᠭ᠎ᠠ ᠬᠢᠵᠦ᠂ ᠲᠤᠬᠠᠢ ᠶᠢᠨ ᠦᠶ᠎ᠡ ᠳᠦ ᠬᠣᠯᠪᠣᠭᠳᠠᠬᠤ ᠠᠷᠬᠧᠣᠯᠣᠭᠢ ᠶᠢᠨ ᠣᠯᠳᠠᠪᠤᠷᠢ ᠨᠤᠭᠤᠳ ᠢ ᠬᠣᠶᠠᠷ ᠵᠢᠯ ᠦᠨ ᠬᠤᠭᠤᠴᠠᠭᠠᠨ ᠳᠤ ᠰᠡᠷᠭᠦᠭᠡᠨ ᠵᠠᠰᠠᠪᠤᠷᠢᠯᠠᠵᠠᠢ᠃
ᠲᠡᠳᠡ ᠰᠢᠨᠵᠢᠯᠡᠬᠦ ᠤᠬᠠᠭᠠᠨ ᠤ ᠠᠺᠠᠳᠧᠮᠢ ᠶᠢᠨ ᠠᠷᠬᠧᠣᠯᠣᠭᠢ ᠶᠢᠨ ᠬᠦᠷᠢᠶᠡᠯᠡᠩ ᠳᠦ ᠬᠠᠳᠠᠭᠠᠯᠠᠭᠳᠠᠵᠤ ᠪᠠᠢᠭᠰᠠᠨ ᠶᠡᠬᠡ ᠨᠠᠷᠠᠲᠤ ᠶᠢᠨ ᠪᠠᠯᠠᠷ ᠤᠨ ᠬᠠᠳᠠᠨ ᠤ ᠣᠷᠣᠰᠢᠭᠤᠯᠭ᠎ᠠ ᠠᠴᠠ ᠣᠯᠳᠠᠭᠰᠠᠨ ᠡᠷᠡᠭᠲᠡᠢ ᠳᠡᠪᠡᠯ ᠢ ᠰᠡᠷᠭᠦᠭᠡᠵᠦ᠂ 1727 ᠣᠨ ᠳᠤ ᠰᠢᠪᠢᠷᠢ ᠡᠴᠡ ᠣᠯᠳᠠᠵᠤ ᠡᠳᠦᠭᠡ ᠣᠷᠣᠰ ᠤᠨ ᠡᠷᠮᠢᠲ᠋ᠠᠵ ᠤᠨ ᠮᠦᠽᠧᠢ ᠶᠢᠨ ᠰᠠᠩ ᠬᠥᠮᠥᠷᠭᠡ ᠳᠦ ᠬᠠᠳᠠᠭᠠᠯᠠᠭᠳᠠᠵᠤ ᠪᠤᠢ ᠪᠥᠰᠡᠨ ᠦ ᠠᠯᠲᠠᠨ ᠰᠢᠷᠠᠮᠠᠯ ᠰᠡᠨᠵᠢᠲᠦ ᠠᠶᠠᠭ᠎ᠠ ᠶᠢ ᠬᠠᠭᠤᠯᠪᠤᠷᠢᠯᠠᠨ ᠬᠢᠭᠰᠡᠨ ᠢᠶᠡᠨ ᠥᠴᠥᠭᠡᠳᠦᠷ ᠮᠣᠩᠭᠣᠯ ᠤᠨ ᠦᠨᠳᠦᠰᠦᠨ ᠦ ᠮᠦᠽᠧᠢ ᠶᠢᠨ ᠰᠠᠩ ᠬᠥᠮᠥᠷᠭᠡ ᠳᠦ ᠬᠠᠨᠳᠢᠪᠯᠠᠭᠰᠠᠨ ᠪᠠᠢᠨ᠎ᠠ᠃ ᠮᠡᠷᠭᠡᠵᠢᠯᠲᠡᠳ ᠤᠭ ᠳᠡᠪᠡᠯ ᠢ ᠰᠤᠳᠤᠯᠤᠨ ᠥᠩᠭᠡ᠂ ᠲᠣᠷᠭᠠᠨ ᠤ ᠬᠡ ᠶᠢ ᠨᠢ ᠰᠡᠷᠭᠦᠭᠡᠵᠦ ᠵᠢᠷᠤᠭᠯᠠᠬᠤ ᠳᠤ ᠪᠠᠨ ᠰᠡᠷᠢᠭᠦᠨ ᠤᠯᠠᠷᠢᠯ ᠳᠤ ᠡᠷᠡᠭᠲᠡᠢ ᠬᠦᠮᠦᠨ ᠦ ᠡᠮᠦᠰᠳᠡᠭ ᠰᠣᠩᠭᠣᠳᠠᠭ ᠵᠠᠭᠪᠤᠷ ᠲᠠᠢ ᠳᠡᠪᠡᠯ ᠪᠣᠯᠬᠤ ᠶᠢ ᠲᠣᠳᠣᠷᠬᠠᠢᠯᠠᠵᠤ᠂ ᠮᠥᠨ ᠡᠨᠡ ᠳᠡᠪᠡᠯ ᠢ ᠪᠣᠳᠢ ᠭᠥᠷᠦᠭᠡᠰᠦᠨ ᠦ ᠳᠦᠷᠰᠦᠯᠡᠯ ᠪᠦᠬᠦᠢ ᠠᠯᠲᠠᠨ ᠤᠲᠠᠰᠤᠨ ᠬᠡ ᠲᠡᠢ ᠲᠣᠷᠭ᠎ᠠ ᠪᠠᠷ ᠥᠩᠭᠡᠯᠡᠭᠰᠡᠨ ᠪᠣᠯᠬᠤ ᠶᠢ ᠲᠣᠭᠲᠠᠭᠠᠵᠠᠢ᠃