ᠵᠠᠪᠬᠠᠨ ᠠᠢᠮᠠᠭ ᠤᠨ ᠳᠥᠷᠪᠡᠯᠵᠢᠨ ᠰᠤᠮᠤ ᠶᠢᠨ ᠨᠤᠲᠤᠭ ᠳᠠᠬᠢ ᠬᠣᠮ ᠤᠨ ᠲᠠᠯ᠎ᠠ ᠶᠢᠨ ᠪᠠᠢᠭᠠᠯᠢ ᠶᠢᠨ ᠴᠣᠭᠴᠠᠯᠠᠪᠤᠷᠢᠳᠤ ᠭᠠᠵᠠᠷ ᠤᠨ ᠰᠡᠭᠡᠷ ᠦᠨ ᠨᠢᠷᠤᠭᠤᠨ ᠳᠤ ᠨᠤᠲᠤᠭᠰᠢᠵᠤ ᠪᠤᠢ ᠲᠠᠬᠢ ᠶᠢᠨ ᠰᠦᠷᠦᠭ ᠲᠦ ᠡᠬᠡ ᠳᠡᠯᠡᠬᠡᠢ ᠶᠢᠨ ᠡᠳᠦᠷ ᠪᠤᠶᠤ ᠥᠴᠥᠭᠡᠳᠦᠷ ᠡᠨᠡ ᠣᠨ ᠤ ᠠᠩᠬᠠᠨ ᠤ ᠤᠨᠠᠭ᠎ᠠ ᠲᠥᠷᠥᠵᠡᠢ᠃
ᠡᠨᠡ ᠨᠢ 《ᠰᠠᠷᠠᠨ ᠤ ᠭᠡᠷᠡᠯ》ᠨᠡᠷ᠎ᠡ ᠲᠡᠢ ᠠᠵᠢᠷᠭᠠᠨ ᠤ ᠰᠦᠷᠦᠭ ᠲᠦ ᠬᠠᠮᠢᠶᠠᠷᠬᠤ Moonrider ᠨᠡᠷ᠎ᠡ ᠲᠡᠢ ᠭᠡᠭᠦᠦ ᠡᠴᠡ ᠭᠠᠷᠤᠭᠰᠠᠨ ᠡᠷ᠎ᠡ ᠤᠨᠠᠭ᠎ᠠ ᠪᠥᠭᠡᠳ ᠲᠡᠭᠦᠨ ᠦ ᠬᠣᠮ ᠤᠨ ᠲᠠᠯ᠎ᠠ ᠳᠤ ᠲᠥᠷᠦᠭᠦᠯᠦᠭᠰᠡᠨ ᠲᠠᠪᠤᠳᠠᠬᠢ ᠤᠨᠠᠭ᠎ᠠ ᠭᠡᠨ᠎ᠡ᠃ ᠬᠣᠮ ᠤᠨ ᠲᠠᠯ᠎ᠠ ᠳᠤ 20 ᠵᠢᠯ ᠦᠨ ᠡᠮᠦᠨ᠎ᠡ ᠲᠠᠬᠢ ᠰᠦᠷᠦᠭ ᠢᠶᠡᠨ ᠨᠤᠲᠤᠭᠰᠢᠭᠤᠯᠤᠭᠰᠠᠨ ᠠᠴᠠ ᠬᠣᠢᠰᠢ ᠥᠩᠭᠡᠷᠡᠭᠰᠡᠨ ᠣᠨ ᠳᠤ 150 ᠭᠠᠷᠤᠢ ᠲᠠᠬᠢ ᠲᠠᠢ ᠪᠣᠯᠤᠭᠰᠠᠨ ᠪᠠᠢᠪᠠ᠃