ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠠᠴᠠ ᠵᠣᠬᠢᠶᠠᠳᠠᠭ ᠡᠮᠡᠭᠲᠡᠢᠴᠦᠳ ᠦᠨ ᠭᠷᠡᠨᠫᠡᠷᠢ ᠴᠤᠪᠤᠷᠠᠯ ᠤᠨ 2024-2025 ᠣᠨ ᠤ ᠤᠯᠠᠷᠢᠯ ᠤᠨ ᠲᠠᠪᠤᠳᠤᠭᠠᠷ ᠲᠡᠮᠡᠴᠡᠭᠡᠨ ᠡᠨᠡᠳᠬᠡᠭ ᠦᠨ ᠫᠦᠨᠠ ᠬᠣᠲᠠ ᠳᠤ ᠪᠣᠯᠤᠯ᠎ᠠ᠃
ᠰᠢᠯᠢᠳᠡᠭ 10 ᠰᠢᠲᠠᠷᠠᠴᠢᠨ ᠴᠤᠭᠯᠠᠭᠰᠠᠨ ᠲᠡᠮᠡᠴᠡᠭᠡᠨ ᠦ ᠰᠡᠭᠦᠯ ᠦᠨ ᠥᠷᠥᠭ ᠦᠳ ᠥᠴᠥᠭᠡᠳᠦᠷ ᠪᠣᠯᠵᠤ᠂ ᠳᠡᠯᠡᠬᠡᠢ ᠶᠢᠨ ᠴᠢᠨᠰᠠᠭᠠᠨ ᠤ 88 ᠳ᠋ᠤᠭᠠᠷ ᠲᠤ ᠡᠷᠡᠮᠪᠡ ᠲᠡᠢ The MongolZ ᠪᠠᠭ ᠤᠨ ᠲᠣᠭᠯᠠᠭᠴᠢ ᠪ ∙ ᠮᠦᠩᠭᠦᠨᠲᠤᠤᠯᠠ ᠠᠷᠪᠠᠳᠤᠭᠠᠷ ᠪᠠᠢᠷᠢ ᠡᠵᠡᠯᠡᠵᠦ᠂ 4000 ᠡᠸᠦ᠋ᠷᠤ᠋ ᠶᠢᠨ ᠱᠠᠩᠨᠠᠯ ᠠᠪᠴᠠᠢ᠃ ᠲᠡᠷᠡᠪᠡᠷ ᠬᠣᠶᠠᠷ ᠬᠣᠵᠢᠯ᠂ ᠬᠣᠶᠠᠷ ᠲᠡᠩᠴᠡᠭᠡ᠂ ᠲᠠᠪᠤᠨ ᠬᠣᠵᠢᠭᠳᠠᠯ ᠲᠠᠢ ᠡᠨᠡ ᠤᠳᠠᠭ᠎ᠠ ᠶᠢᠨ ᠠᠶᠠᠯᠠᠯ ᠢᠶᠠᠨ ᠥᠨᠳᠦᠷᠯᠡᠭᠦᠯᠵᠦ ᠪᠠᠢᠨ᠎ᠠ᠃
ᠪ ∙ ᠮᠦᠩᠭᠦᠨᠲᠤᠤᠯᠠ ᠡᠮᠡᠭᠲᠡᠢᠴᠦᠳ ᠦᠨ ᠭᠷᠡᠨᠫᠡᠷᠢ ᠲᠡᠮᠡᠴᠡᠭᠡᠨ ᠦ 2025 ᠣᠨ ᠤ ᠤᠯᠠᠷᠢᠯ ᠳᠤ 141 ᠣᠨᠣᠭ᠎ᠠ ᠴᠤᠭᠯᠠᠭᠤᠯᠤᠭᠰᠠᠨ ᠢᠶᠠᠷ ᠬᠦᠰᠦᠨᠦᠭᠲᠦ ᠶᠢᠨ 11 ᠳ᠋ᠤᠭᠡᠷ ᠪᠠᠢᠷᠢ ᠳᠤ ᠵᠢᠭᠰᠠᠵᠤ ᠡᠬᠢᠯᠡᠯ᠎ᠡ᠃