ᠭᠠᠳᠠᠭᠠᠳᠤ ᠬᠠᠷᠢᠯᠴᠠᠭᠠᠨ ᠤ ᠰᠠᠢᠳ ᠪ ∙ ᠪᠠᠲᠤᠴᠠᠴᠠᠭ᠌ ᠬᠠᠩᠭᠠᠷᠢ ᠤᠯᠤᠰ ᠤᠨ ᠭᠠᠳᠠᠭᠠᠳᠤ ᠬᠡᠷᠡᠭ᠂ ᠬᠤᠳᠠᠯᠳᠤᠭᠠᠨ ᠤ ᠰᠠᠢᠳ ᠫᠧᠲ᠋ᠧᠷ ᠰᠢᠶᠠᠶᠠᠷᠲ᠋ᠤ᠋ ᠶᠢᠨ ᠤᠷᠢᠯᠭ᠎ᠠ ᠪᠠᠷ ᠡᠨᠡ ᠰᠠᠷ᠎ᠠ ᠶᠢᠨ 24-26 ᠳᠦ ᠲᠤᠰ ᠤᠯᠤᠰ ᠲᠤ ᠠᠯᠪᠠᠨ ᠶᠣᠰᠣᠨ ᠤ ᠠᠢᠯᠴᠢᠯᠠᠯ ᠬᠢᠨ᠎ᠡ᠃ ᠡᠨᠡ ᠬᠦ ᠠᠢᠯᠴᠢᠯᠠᠯ ᠨᠢ ᠭᠠᠳᠠᠭᠠᠳᠤ ᠬᠠᠷᠢᠯᠴᠠᠭᠠᠨ ᠤ ᠰᠠᠢᠳ ᠤᠨ ᠲᠦᠪᠰᠢᠨ ᠳᠦ 1978 ᠣᠨ ᠠᠴᠠ ᠬᠣᠢᠰᠢ ᠪᠤᠶᠤ 47 ᠵᠢᠯ ᠦᠨ ᠳᠠᠷᠠᠭ᠎ᠠ ᠮᠣᠩᠭᠣᠯ ᠤᠨ ᠲᠠᠯ᠎ᠠ ᠠᠴᠠ ᠬᠡᠷᠡᠭᠵᠢᠵᠦ ᠪᠤᠢ ᠠᠯᠪᠠᠨ ᠶᠣᠰᠣᠨ ᠤ ᠠᠢᠯᠴᠢᠯᠠᠯ ᠭᠡᠳᠡᠭ ᠢᠶᠡᠷ ᠢᠶᠡᠨ ᠣᠨᠴᠠᠯᠢᠭ ᠶᠤᠮ᠃
ᠠᠢᠯᠴᠢᠯᠠᠯ ᠤᠨ ᠦᠶ᠎ᠡ ᠪᠡᠷ ᠪ ∙ ᠪᠠᠲᠤᠴᠠᠴᠠᠭ᠌ ᠫᠧᠲ᠋ᠧᠷ ᠰᠢᠶᠠᠶᠠᠷᠲ᠋ᠤ᠋ ᠲᠠᠢ ᠠᠯᠪᠠᠨ ᠶᠣᠰᠣᠨ ᠤ ᠬᠡᠯᠡᠯᠴᠡᠭᠡ ᠬᠢᠵᠦ᠂ ᠬᠣᠶᠠᠷ ᠲᠠᠯ᠎ᠠ ᠶᠢᠨ ᠬᠠᠷᠢᠯᠴᠠᠭ᠎ᠠ᠂ ᠬᠠᠮᠲᠤ ᠶᠢᠨ ᠠᠵᠢᠯᠯᠠᠭᠠᠨ ᠤ ᠲᠠᠯ᠎ᠠ ᠪᠠᠷ ᠪᠣᠯᠤᠨ ᠣᠯᠠᠨ ᠤᠯᠤᠰ ᠤᠨ ᠬᠠᠷᠢᠯᠴᠠᠭᠠᠨ ᠤ ᠵᠠᠷᠢᠮ ᠠᠰᠠᠭᠤᠳᠠᠯ ᠢᠶᠠᠷ ᠰᠠᠨᠠᠯ ᠰᠣᠯᠢᠯᠴᠠᠨ᠎ᠠ᠃ ᠮᠣᠩᠭᠣᠯ ᠤᠯᠤᠰ᠂ ᠬᠠᠩᠭᠠᠷᠢ ᠤᠯᠤᠰ ᠲᠠᠢ 1950 ᠣᠨ ᠤ ᠳᠥᠷᠪᠡᠳᠦᠭᠡᠷ ᠰᠠᠷ᠎ᠠ ᠶᠢᠨ 28 ᠳᠦ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠪᠥᠭᠡᠳ ᠡᠨᠡ ᠣᠨ ᠳᠤ ᠳ᠋ᠢᠫᠯᠣᠮᠠᠲ ᠬᠠᠷᠢᠯᠴᠠᠭᠠᠨ ᠤ 75 ᠵᠢᠯ ᠦᠨ ᠣᠢ ᠲᠣᠬᠢᠶᠠᠵᠤ ᠪᠠᠢᠨ᠎ᠠ᠃