ᠤᠯᠤᠰ ᠤᠨ ᠶᠡᠬᠡ ᠬᠤᠷᠠᠯ ᠤᠨ ᠳᠠᠷᠤᠭ᠎ᠠ D∙ ᠠᠮᠤᠷᠪᠠᠶᠠᠰᠬᠤᠯᠠᠩ ᠢ ᠭᠣᠪᠢ-ᠠᠯᠲᠠᠢ ᠠᠢᠮᠠᠭ ᠲᠤ ᠠᠵᠢᠯᠯᠠᠬᠤ ᠦᠶ᠎ᠡ ᠪᠡᠷ ᠠᠯᠤᠰᠯᠠᠭᠳᠠᠭᠰᠠᠨ ᠨᠤᠲᠤᠭ ᠤᠨ ᠰᠣᠷᠣᠭ᠌ᠴᠢᠳ ᠴᠠᠬᠢᠮ ᠬᠠᠷᠢᠯᠴᠠᠭ᠎ᠠ ᠬᠣᠯᠪᠣᠭ᠎ᠠ ᠪᠠᠨ ᠬᠥᠭᠵᠢᠭᠦᠯᠬᠦ ᠰᠠᠨᠠᠯ ᠭᠠᠷᠭᠠᠭᠰᠠᠨ᠃ ᠲᠡᠳᠡᠨ ᠦ ᠬᠦᠰᠡᠯᠲᠡ ᠶᠢᠨ ᠳᠠᠭᠠᠤ ᠳᠥᠷᠪᠡᠳᠦᠭᠡᠷ ᠰᠠᠷ᠎ᠠ ᠶᠢᠨ 18 ᠳᠦ ᠲᠤᠰ ᠠᠢᠮᠠᠭ ᠤᠨ ᠬᠠᠯᠢᠭᠤᠨ᠂ ᠳᠡᠯᠭᠡᠷ᠂ ᠠᠯᠲᠠᠢ᠂ ᠴᠡᠭᠡᠯ᠂ ᠡᠷᠳᠡᠨᠢ᠂ ᠴᠢᠨᠳᠠᠮᠤᠨᠢ᠂ ᠲᠠᠢᠰᠢᠷᠢ ᠰᠤᠮᠤ ᠶᠢᠨ ᠪᠣᠯᠪᠠᠰᠤᠷᠠᠯ ᠤᠨ ᠪᠠᠢᠭᠤᠯᠤᠯᠭ᠎ᠠ ᠳᠤ ᠰᠲ᠋ᠠᠷᠯᠢᠨᠺ ᠲᠥᠬᠥᠭᠡᠷᠦᠮᠵᠢ ᠣᠯᠭᠤᠯ᠎ᠠ᠃
ᠵᠠᠷᠢᠮ ᠰᠤᠮᠤᠨ ᠳᠤ ᠰᠦᠯᠵᠢᠶᠡᠨ ᠦ ᠬᠦᠷᠲᠡᠭᠡᠮᠵᠢ ᠮᠠᠭᠤ᠂ ᠢᠨᠲ᠋ᠧᠷᠨᠧᠲ ᠦᠨ ᠬᠣᠯᠪᠣᠯᠲᠠ ᠰᠤᠯᠠ ᠪᠠᠢᠳᠠᠭ ᠠᠰᠠᠭᠤᠳᠠᠯ ᠢ ᠰᠢᠢᠳᠪᠦᠷᠢᠯᠡᠬᠦ ᠵᠣᠷᠢᠯᠭ᠎ᠠ ᠪᠠᠷ ᠬᠡᠦᠬᠡᠳ ᠪᠠᠭᠠᠴᠤᠳ ᠤᠨ ᠬᠦᠰᠡᠯᠲᠡ ᠶᠢ ᠦᠨᠳᠦᠰᠦᠯᠡᠨ ᠰᠲ᠋ᠠᠷᠯᠢᠨᠺ ᠲᠥᠬᠥᠭᠡᠷᠦᠮᠵᠢ ᠣᠯᠭᠤᠭᠰᠠᠨ ᠳᠤ ᠲᠠᠯᠠᠷᠬᠠᠵᠤ ᠪᠠᠢᠨ᠎ᠠ ᠬᠡᠮᠡᠨ ᠲᠤᠰ ᠠᠢᠮᠠᠭ ᠤᠨ ᠪᠣᠯᠪᠠᠰᠤᠷᠠᠯ ᠤᠨ ᠭᠠᠵᠠᠷ ᠤᠨ ᠳᠠᠷᠤᠭ᠎ᠠ ᠳ ∙ ᠡᠩᠬᠡᠴᠡᠴᠡᠭ ᠣᠨᠴᠠᠯᠠᠯ᠎ᠠ᠃ ᠰᠡᠭᠦᠯ ᠦᠨ ᠦᠶ᠎ᠡ ᠳᠦ ᠰᠤᠷᠭᠠᠯᠲᠠ ᠶᠢᠨ ᠦᠢᠯᠡ ᠠᠵᠢᠯᠯᠠᠭ᠎ᠠ ᠪᠠᠨ ᠴᠠᠬᠢᠮ ᠬᠡᠯᠪᠡᠷᠢ ᠪᠡᠷ ᠶᠠᠪᠤᠭᠳᠠᠬᠤ ᠨᠢ ᠡᠯᠪᠡᠭᠰᠢᠭᠰᠡᠨ᠃ ᠲᠡᠷᠡ ᠲᠤᠰᠤᠮ ᠢᠶᠠᠨ ᠲᠡᠭᠦᠰᠬᠦ ᠠᠩᠬᠢ ᠶᠢᠨ ᠰᠤᠷᠤᠭᠴᠢᠳ ᠲᠤ ᠴᠠᠬᠢᠮ ᠬᠡᠷᠡᠭᠯᠡᠭᠡ ᠵᠠᠢᠯᠠᠰᠢ ᠦᠭᠡᠢ ᠬᠡᠷᠡᠭᠲᠡᠢ ᠪᠣᠯᠤᠭᠰᠠᠨ ᠡᠨᠡ ᠴᠠᠭ ᠦᠶ᠎ᠡ ᠳᠦ ᠨᠡᠩ ᠴᠢᠬᠤᠯᠠ ᠠᠰᠠᠭᠤᠳᠠᠯ ᠢ ᠰᠢᠢᠳᠪᠦᠷᠢᠯᠡᠵᠦ ᠥᠭᠴᠦ ᠪᠠᠢᠭ᠎ᠠ ᠳᠤ ᠪᠠᠶᠠᠷ ᠲᠠᠢ ᠪᠠᠢᠨ᠎ᠠ ᠬᠡᠮᠡᠨ ᠪᠠᠭᠰᠢ ᠨᠠᠷ ᠬᠡᠯᠡᠵᠦ ᠪᠠᠢᠯ᠎ᠠ᠃