ᠮᠣᠩᠭᠣᠯ ᠤᠨ ᠭᠤᠲᠤᠯᠴᠢᠳ ᠪᠦᠲ᠋ᠠᠨ ᠵᠠᠯᠠᠭᠤᠰ ᠢ ᠰᠤᠷᠭᠠᠪᠠ | News.MN

ᠮᠣᠩᠭᠣᠯ ᠤᠨ ᠭᠤᠲᠤᠯᠴᠢᠳ ᠪᠦᠲ᠋ᠠᠨ ᠵᠠᠯᠠᠭᠤᠰ ᠢ ᠰᠤᠷᠭᠠᠪᠠ

ᠪᠦᠲ᠋ᠠᠨ  ᠤ ᠬᠠᠭᠠᠨᠲᠤ ᠤᠯᠤᠰ ᠤᠨ ᠵᠠᠯᠠᠭᠤ ᠭᠤᠲᠤᠯᠴᠢᠳ ᠢ ᠮᠣᠩᠭᠣᠯ ᠤᠨ 《ᠬᠣᠣᠰ ᠠᠵᠠ》 ᠺᠣᠮᠫᠠᠨᠢ ᠶᠢᠨ ᠵᠠᠬᠢᠷᠤᠯ ᠠ᠊ ∙ ᠵᠣᠷᠢᠭᠲᠤ᠂ ᠪ ∙ ᠠᠬᠠᠮᠠᠷᠠᠯ᠂ ᠪ ∙ ᠪᠠᠲᠤᠪᠠᠭᠠᠲᠤᠷ ᠨᠠᠷ ᠰᠤᠷᠭᠠᠭᠰᠠᠨ ᠲᠠᠯ᠎ᠠ ᠪᠠᠷ ᠡᠨᠡᠳᠬᠡᠭ ᠲᠦ ᠰᠠᠭᠤᠭ᠎ᠠ ᠮᠣᠩᠭᠣᠯ ᠤᠨ ᠡᠯᠴᠢᠨ ᠰᠠᠢᠳ ᠤᠨ ᠶᠠᠮᠤᠨ ᠠᠴᠠ ᠮᠡᠳᠡᠭᠡᠯᠡᠯ᠎ᠡ᠃ ᠮᠣᠩᠭᠣᠯ ᠤᠨ ᠠᠩᠬᠠᠨ ᠤ ᠬᠤᠪᠢ ᠶᠢᠨ ᠭᠤᠲᠤᠯ ᠤᠨ ᠦᠢᠯᠡᠳᠪᠦᠷᠢ ᠪᠣᠯᠬᠤ 《ᠬᠣᠣᠰ ᠠᠵᠠ》 ᠺᠣᠮᠫᠠᠨᠢ 2005 ᠣᠨ ᠳᠤ ᠪᠠᠢᠭᠤᠯᠤᠭᠳᠠᠭᠰᠠᠨ ᠪᠥᠭᠡᠳ ᠡᠳᠦᠷ ᠲᠦ 300 ᠬᠣᠣᠰ ᠭᠤᠲᠤᠯ ᠦᠢᠯᠡᠳᠪᠦᠷᠢᠯᠡᠳᠡᠭ ᠠᠵᠡᠢ᠃ ᠮᠥᠨ ᠪᠠᠲᠤᠯᠠᠨ ᠬᠠᠮᠠᠭᠠᠯᠠᠬᠤ ᠶᠠᠮᠤᠨ᠂ ᠴᠠᠭᠳᠠᠭ᠎ᠠ ᠶᠢᠨ ᠶᠡᠷᠦᠩᠬᠡᠢ ᠭᠠᠵᠠᠷ᠂ ᠬᠢᠯᠢ ᠬᠠᠮᠠᠭᠠᠯᠠᠬᠤ ᠶᠡᠷᠦᠩᠬᠡᠢ ᠭᠠᠵᠠᠷ ᠤᠨ ᠠᠯᠪᠠ ᠬᠠᠭᠠᠭᠴᠢᠳ ᠤᠨ ᠭᠤᠲᠤᠯ ᠤᠨ 80 ᠬᠤᠪᠢ ᠶᠢ ᠳᠠᠩ ᠢᠶᠠᠷ ᠢᠶᠠᠨ ᠦᠢᠯᠡᠳᠪᠦᠷᠢᠯᠡᠳᠡᠭ ᠪᠠᠢᠨ᠎ᠠ᠃

ᠲᠤᠰ ᠦᠢᠯᠡᠳᠪᠦᠷᠢ ᠶᠢᠨ ᠤᠳᠤᠷᠢᠳᠤᠯᠭ᠎ᠠ ᠨᠠᠷ ᠡᠢᠨ ᠬᠦ ᠪᠦᠲ᠋ᠠᠨ ᠳᠤ ᠠᠵᠢᠯᠯᠠᠵᠤ ᠪᠠᠢᠭ᠎ᠠ ᠨᠢ ᠬᠣᠶᠠᠷ ᠤᠯᠤᠰ ᠤᠨ ᠬᠠᠮᠲᠤ ᠶᠢᠨ ᠠᠵᠢᠯᠯᠠᠭ᠎ᠠ ᠣᠯᠠᠨ ᠲᠠᠯᠠᠪᠤᠷ ᠲᠤ ᠳᠡᠯᠭᠡᠷᠡᠵᠦ ᠪᠤᠢ ᠶᠢᠨ ᠵᠢᠱᠢᠶ᠎ᠡ ᠶᠤᠮ᠃ ᠪᠦᠲ᠋ᠠᠨ ᠭᠤᠲᠤᠯ ᠢ ᠴᠣᠭᠯᠠᠮ ᠭᠡᠳᠡᠭ ᠪᠥᠭᠡᠳ ᠡᠪᠦᠳᠦᠭ ᠱᠦᠷᠭᠦᠭᠰᠡᠨ ᠤᠷᠲᠤ ᠲᠣᠷᠭᠠᠨ ᠲᠦᠷᠡᠢ ᠲᠡᠢ᠂ ᠰᠠᠪᠬᠢᠨ ᠵᠤᠯᠤᠭ ᠲᠠᠢ᠂ ᠲᠡᠭᠦᠨ ᠳᠡᠭᠡᠷ᠎ᠡ ᠪᠡᠨ ᠥᠩᠭᠡᠯᠢᠭ ᠬᠠᠳᠬᠤᠮᠠᠯ᠂ ᠴᠢᠮᠡᠭᠯᠡᠯ ᠲᠡᠢ ᠪᠠᠢᠳᠠᠭ᠃ ᠲᠤᠰ ᠭᠤᠲᠤᠯ ᠢ 1616 ᠣᠨ ᠳᠤ ᠲᠥᠪᠡᠳ ᠦᠨ ᠨᠠᠸᠠᠩᠨᠠᠮᠵᠢᠯ ᠯᠠᠮᠠ ᠨᠡᠪᠲᠡᠷᠡᠭᠦᠯᠦᠭᠰᠡᠨ ᠭᠡᠵᠦ ᠦᠵᠡᠳᠡᠭ ᠪᠠᠢᠨ᠎ᠠ᠃ ᠰᠢᠷ᠎ᠠ ᠥᠩᠭᠡ ᠶᠢᠨ ᠭᠤᠲᠤᠯ ᠢ ᠬᠠᠭᠠᠨ᠂ ᠤᠯᠠᠪᠢᠷ ᠰᠢᠷ᠎ᠠ ᠶᠢ ᠲᠥᠷᠥ ᠶᠢᠨ ᠰᠠᠢᠳ ᠤᠳ᠂ ᠤᠯᠠᠭᠠᠨ ᠢ ᠲᠥᠷᠥ ᠶᠢᠨ ᠳᠡᠭᠡᠳᠦ ᠠᠯᠪᠠᠨ ᠤ ᠬᠦᠮᠦᠰ᠂ ᠬᠥᠬᠡ ᠶᠢ ᠫᠠᠷᠯᠠᠮᠧᠨᠲ ᠤᠨ ᠭᠡᠰᠢᠭᠦᠳ᠂ ᠨᠣᠭᠣᠭᠠᠨ ᠢ ᠡᠩ ᠦᠨ ᠢᠷᠭᠡᠳ ᠡᠮᠦᠰᠦᠨ᠎ᠡ᠃

ᠰᠡᠳᠬᠢᠭᠳᠡᠯ ᠦᠯᠡᠳᠡᠭᠡᠬᠦ