ᠮᠣᠩᠭᠣᠯ ᠤᠯᠤᠰ᠂ ᠪᠦᠭᠦᠳᠡ ᠨᠠᠢᠷᠠᠮᠳᠠᠬᠤ ᠹᠷᠠᠨᠼᠢ ᠤᠯᠤᠰ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠳᠤ ᠵᠣᠷᠢᠭᠤᠯᠤᠨ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠬᠠᠷᠢᠶ᠎ᠠ ᠮᠣᠩᠭᠣᠯ ᠰᠤᠳᠤᠯᠤᠯ ᠤᠨ ᠬᠦᠷᠢᠶᠡᠯᠡᠩ᠂ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠰᠢᠨᠵᠢᠯᠡᠬᠦ ᠤᠬᠠᠭᠠᠨ ᠤ ᠰᠤᠷᠭᠠᠭᠤᠯᠢ ᠪᠣᠯᠤᠨ 《ᠭᠠᠪᠣ ᠫᠠᠪᠯᠢᠰᠢᠩ 》 ᠡᠴᠡ ᠬᠠᠮᠲᠤᠷᠠᠨ 《ᠮᠢᠱᠧᠯᠧ ᠯᠢᠼᠧ ᠶᠢᠨ ᠮᠣᠩᠭᠣᠯ ᠰᠤᠷᠤᠭᠴᠢᠳ》ᠰᠡᠳᠦᠪᠲᠦ ᠠᠷᠬᠢᠸ ᠤᠨ ᠪᠠᠷᠢᠮᠲᠠ᠂ ᠭᠡᠷᠡᠯ ᠵᠢᠷᠤᠭ ᠤᠨ ᠦᠵᠡᠰᠬᠦᠯᠡᠩ ᠢ ᠥᠨᠥᠳᠥᠷ ᠨᠡᠭᠡᠭᠡᠯ᠎ᠡ᠃
ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠤᠨ ᠵᠠᠰᠠᠭ ᠤᠨ ᠪᠣᠳᠣᠯᠭ᠎ᠠ ᠪᠠᠷ ᠳᠤᠮᠳᠠᠳᠤ ᠰᠤᠷᠭᠠᠭᠤᠯᠢ ᠶᠢᠨ ᠪᠣᠯᠪᠠᠰᠤᠷᠠᠯ ᠲᠠᠢ 35 ᠬᠡᠦᠬᠡᠳ ᠢ 1926-1930 ᠣᠨ ᠳᠤ ᠭᠧᠷᠮᠠᠨ᠂ ᠹᠷᠠᠨᠼᠢ ᠳᠤ ᠰᠤᠷᠭᠠᠭᠰᠠᠨ ᠪᠥᠭᠡᠳ ᠲᠡᠳᠡ ᠬᠣᠵᠢᠮ ᠨᠢ ᠪᠣᠯᠪᠠᠰᠤᠷᠠᠯ᠂ ᠰᠢᠨᠵᠢᠯᠡᠬᠦ ᠤᠬᠠᠭᠠᠨ᠂ ᠰᠤᠶᠤᠯ ᠤᠷᠠᠯᠢᠭ᠂ ᠠᠵᠤ ᠦᠢᠯᠡᠳᠪᠦᠷᠢ ᠶᠢᠨ ᠰᠠᠯᠪᠤᠷᠢ ᠶᠢᠨ ᠲᠡᠷᠢᠭᠦᠯᠡᠬᠦ ᠰᠡᠬᠡᠭᠡᠲᠡᠨ ᠨᠦᠭᠦᠳ ᠪᠣᠯᠤᠭᠰᠠᠨ ᠪᠠᠢᠳᠠᠭ᠃
ᠠᠷᠠᠳ ᠤᠨ ᠵᠠᠰᠠᠭ ᠤᠨ ᠭᠠᠵᠠᠷ ᠤᠨ 1925 ᠣᠨ ᠤ ᠠᠷᠪᠠᠨ ᠨᠢᠭᠡᠳᠦᠭᠡᠷ ᠰᠠᠷ᠎ᠠ ᠶᠢᠨ 27 ᠳᠦ ᠬᠤᠷᠠᠯᠳᠤᠭᠰᠠᠨ 42 ᠳ᠋ᠤᠭᠠᠷ ᠬᠤᠷᠠᠯᠳᠤᠭᠠᠨ ᠤ ᠰᠢᠢᠳᠪᠦᠷᠢ ᠶᠢᠨ ᠳᠠᠭᠠᠤ ᠲ ∙ ᠠᠶᠤᠷᠵᠠᠨ᠎ᠠ᠂ ᠵ ∙ ᠳᠤᠭᠠᠷᠰᠦ᠋ᠷᠦᠩ᠂ ᠯ ∙ ᠨᠠᠮᠰᠠᠷᠠᠢ᠂ ᠯ ∙ᠤᠷᠲᠤᠨᠠᠰᠤᠨ ᠭᠡᠬᠦ ᠳᠥᠷᠪᠡᠨ ᠰᠤᠷᠤᠭᠴᠢ 1926 ᠣᠨ ᠤ ᠳᠣᠯᠣᠳᠤᠭᠠᠷ ᠰᠠᠷ᠎ᠠ ᠠᠴᠠ ᠡᠬᠢᠯᠡᠨ ᠹᠷᠠᠨᠼᠢ ᠤᠯᠤᠰ ᠲᠤ ᠰᠤᠷᠤᠯᠴᠠᠵᠤ ᠡᠬᠢᠯᠡᠭᠰᠡᠨ ᠪᠥᠭᠡᠳ ᠲᠡᠳᠡᠨ ᠢ ᠠᠷᠠᠳ ᠢ ᠭᠡᠭᠡᠷᠡᠭᠦᠯᠬᠦ ᠶᠠᠮᠤᠨ ᠤ ᠰᠠᠢᠳ ᠡᠷᠳᠡᠨᠢᠪᠠᠲᠤᠬᠠᠨ ᠥᠪᠡᠷ ᠦᠨ ᠪᠡᠶ᠎ᠡ ᠪᠡᠷ ᠫᠠᠷᠢᠰ ᠬᠣᠲᠠᠨ᠎ᠠ ᠬᠦᠷᠭᠡᠵᠦ ᠥᠭᠴᠡᠢ᠃ ᠮᠥᠨ ᠣᠨ ᠤ ᠨᠠᠮᠤᠷ ᠲᠡᠳᠡᠭᠡᠷ ᠰᠤᠷᠤᠭᠴᠢ ᠳᠡᠭᠡᠷ᠎ᠡ ᠨᠡᠮᠡᠭᠳᠡᠨ ᠮᠡᠷᠭᠡᠨ ᠭᠦᠩ ᠮ ∙ ᠭᠣᠮᠪᠣᠵᠠᠪ᠂ ᠼ ∙ ᠪᠠᠳᠮᠠᠵᠠᠪ ᠨᠠᠷ ᠣᠴᠢᠵᠤ ᠰᠤᠷᠪᠤᠨᠢᠨ ᠤ ᠶᠡᠬᠡ ᠰᠤᠷᠭᠠᠭᠤᠯᠢ᠂ 《ᠺᠣᠯᠯᠧᠵᠢ ᠳ᠋ᠧ ᠹᠷᠠᠨᠰ》ᠰᠤᠷᠭᠠᠭᠤᠯᠢ ᠳᠤ ᠰᠤᠷᠤᠯᠴᠠᠭᠰᠠᠨ ᠪᠠᠢᠨ᠎ᠠ᠃
ᠮᠣᠩᠭᠣᠯ ᠤᠯᠤᠰ᠂ ᠪᠦᠭᠦᠳᠡ ᠨᠠᠢᠷᠠᠮᠳᠠᠬᠤ ᠰᠣᠯᠣᠩᠭᠣᠰ ᠤᠯᠤᠰ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 60 ᠵᠢᠯ ᠦᠨ ᠣᠢ ᠡᠨᠡ ᠣᠨ ᠳᠤ ᠲᠣᠬᠢᠶᠠᠵᠤ ᠪᠤᠢ ᠪᠣᠯ ᠮᠣᠩᠭᠣᠯ ᠰᠤᠷᠤᠭᠴᠢ᠂ ᠣᠶᠤᠲᠠᠳ ᠭᠧᠷᠮᠠᠨ᠂ ᠹᠷᠠᠨᠼᠢ ᠳᠤ ᠰᠤᠷᠤᠯᠴᠠᠵᠤ ᠡᠬᠢᠯᠡᠭᠰᠡᠨ ᠦ 100 ᠵᠢᠯ ᠦᠨ ᠣᠢ ᠢᠷᠡᠬᠦ 2026 ᠣᠨ ᠳᠤ ᠪᠣᠯᠬᠤ ᠶᠤᠮ᠃ ᠦᠵᠡᠰᠬᠦᠯᠡᠩ ᠡᠨᠡ ᠰᠠᠷ᠎ᠠ ᠶᠢᠨ 21-27 ᠳᠦ 《ᠨᠣᠷᠹᠧᠢ ᠠᠷᠲ》 ᠭᠠᠯᠧᠷᠧᠢ ᠳᠦ ᠦᠵᠡᠭᠴᠢᠳ ᠦᠨ ᠬᠦᠷᠲᠡᠭᠡᠯ ᠪᠣᠯᠤᠨ᠎ᠠ᠃