ᠡᠨᠡᠳᠬᠡᠭ ᠦᠨ ᠫᠦᠨᠡ ᠬᠣᠲᠠᠨ᠎ᠠ ᠪᠣᠯᠵᠤ ᠪᠤᠢ ᠳᠡᠯᠡᠬᠡᠢ ᠶᠢᠨ ᠰᠢᠲᠠᠷ᠎ᠠ ᠶᠢᠨ ᠬᠣᠯᠪᠣᠭᠠᠨ ᠤ ᠡᠮᠡᠭᠲᠡᠢᠴᠦᠳ ᠦᠨ ᠭᠷᠠᠨᠫᠡᠷᠢ ᠲᠡᠮᠡᠴᠡᠭᠡᠨ ᠦ ᠲᠠᠪᠤᠳᠤᠭᠠᠷ ᠴᠤᠪᠤᠷᠠᠯ ᠤᠨ ᠵᠢᠷᠭᠤᠳᠤᠭᠠᠷ ᠥᠷᠥᠭ ᠲᠦ ᠪ∙ᠮᠦᠩᠭᠦᠨᠲᠤᠤᠯᠠ ᠡᠨᠡᠳᠬᠡᠭ ᠦᠨ ᠶᠡᠬᠡ ᠮᠠᠰᠲ᠋ᠸᠷ ᠬᠠᠮᠫᠢ ᠺᠤᠨᠧᠷᠤ᠋ ᠳᠤ ᠬᠣᠵᠢᠭᠳᠠᠯ᠎ᠠ᠃ ᠡᠢᠨ ᠬᠦ ᠲᠡᠷᠡ ᠭᠤᠷᠪᠠᠨ ᠴᠤᠪᠤᠷᠠᠯ ᠳᠤ ᠬᠠᠮᠫᠢ ᠺᠤᠨᠧᠷᠤ᠋ ᠲᠠᠢ ᠲᠠᠭᠠᠷᠠᠬᠤ ᠳᠤ ᠪᠠᠨ ᠬᠣᠶᠠᠷ ᠬᠣᠵᠢᠵᠤ᠂ ᠨᠢᠭᠡ ᠲᠡᠩᠴᠡᠪᠡ᠃
ᠣᠳᠣ ᠶᠢᠨ ᠪᠠᠢᠳᠠᠯ ᠢᠶᠠᠷ ᠪ∙ᠮᠦᠩᠭᠦᠨᠲᠤᠤᠯᠠ ᠨᠠᠢᠮᠠᠳᠤᠭᠠᠷ ᠲᠤ ᠵᠢᠭᠰᠠᠵᠤ ᠪᠠᠢᠨ᠎ᠠ᠃ ᠲᠡᠭᠦᠨ ᠳᠦ ᠭᠤᠷᠪᠠᠨ ᠥᠷᠥᠭ ᠦᠯᠡᠳᠡᠭᠰᠡᠨ ᠶᠤᠮ᠃ ᠡᠨᠡ ᠴᠤᠪᠤᠷᠠᠯ ᠢ ᠲᠠᠪᠤᠨ ᠣᠨᠣᠭ᠎ᠠ ᠪᠠᠷ ᠬᠢᠲᠠᠳ ᠤᠨ ᠵᠤ ᠵᠢᠩ ᠡᠯ ᠲᠡᠷᠢᠭᠦᠯᠡᠵᠦ᠂ ᠬᠠᠮᠫᠢ ᠺᠤᠨᠧᠷᠤ᠋ ᠠᠷᠤ ᠠᠴᠠ ᠨᠢ ᠨᠡᠬᠡᠵᠦ ᠪᠠᠢᠨ᠎ᠠ᠃