ᠪᠥᠬᠡᠴᠦᠳ ᠦᠨ ᠴᠢᠨᠰᠠᠭ᠎ᠠ ᠶᠢ ᠤᠯᠤᠰ ᠤᠨ ᠠᠪᠤᠷᠭᠤ ᠣ᠊ ∙ ᠬᠠᠩᠭᠠᠢ ᠳᠠᠬᠢᠨ ᠲᠡᠷᠢᠭᠦᠯᠡᠯ᠎ᠡ | News.MN

ᠪᠥᠬᠡᠴᠦᠳ ᠦᠨ ᠴᠢᠨᠰᠠᠭ᠎ᠠ ᠶᠢ ᠤᠯᠤᠰ ᠤᠨ ᠠᠪᠤᠷᠭᠤ ᠣ᠊ ∙ ᠬᠠᠩᠭᠠᠢ ᠳᠠᠬᠢᠨ ᠲᠡᠷᠢᠭᠦᠯᠡᠯ᠎ᠡ

ᠪᠥᠬᠡᠴᠦᠳ ᠦᠨ ᠴᠢᠨᠰᠠᠭ᠎ᠠ ᠶᠢ ᠤᠯᠤᠰ ᠤᠨ ᠠᠪᠤᠷᠭᠤ ᠣ᠊ ∙ ᠬᠠᠩᠭᠠᠢ ᠳᠠᠬᠢᠨ ᠲᠡᠷᠢᠭᠦᠯᠡᠵᠦ᠂ ᠬᠤᠷᠴᠠ ᠠᠷᠰᠯᠠᠨ ᠳ ∙ ᠠᠯᠲᠠᠨᠴᠤᠤᠵᠢ ᠳᠥᠷᠪᠡᠳᠦᠭᠡᠷ ᠪᠠᠢᠷᠢ ᠤᠷᠤᠭᠤ ᠳᠡᠪᠰᠢᠯ᠎ᠡ᠃ ᠮᠣᠩᠭᠣᠯ ᠤᠨ ᠦᠨᠳᠦᠰᠦᠨ ᠦ ᠪᠥᠬᠡ ᠶᠢᠨ ᠬᠣᠯᠪᠣᠭᠠᠨ ᠠᠴᠠ ᠪᠠᠷᠢᠯᠳᠤᠭᠠᠨ ᠪᠦᠷᠢ ᠶᠢᠨ ᠳᠠᠷᠠᠭ᠎ᠠ ᠪᠥᠬᠡᠴᠦᠳ ᠦᠨ ᠴᠢᠨᠰᠠᠭ᠎ᠠ ᠶᠢ ᠰᠢᠨᠡᠴᠢᠯᠡᠨ ᠭᠠᠷᠭᠠᠳᠠᠭ ᠪᠣᠯᠤᠭᠰᠠᠨ᠃

ᠥᠩᠭᠡᠷᠡᠭᠰᠡᠨ ᠪᠢᠮᠪᠠ ᠭᠠᠷᠠᠭ ᠲᠤ ᠪᠣᠯᠤᠭᠰᠠᠨ ᠤᠯᠤᠰ ᠤᠨ ᠠᠷᠰᠯᠠᠨ ᠮ∙ᡀᠠᠭᠪᠠ ᠶᠢᠨ ᠨᠡᠷᠡᠮᠵᠢᠲᠦ ᠤᠯᠤᠰ᠂ ᠠᠢᠮᠠᠭ᠂ ᠴᠡᠷᠢᠭ᠂ ᠰᠤᠮᠤ ᠶᠢᠨ ᠠᠯᠳᠠᠷ ᠴᠣᠯᠠ ᠲᠠᠢ 256 ᠪᠥᠬᠡ ᠶᠢᠨ ᠪᠠᠷᠢᠯᠳᠤᠭᠠᠨ ᠤ ᠳᠠᠷᠠᠭ᠎ᠠ ᠣ᠊ ∙ᠬᠠᠩᠭᠠᠢ ᠴᠢᠨᠰᠠᠭ᠎ᠠ ᠶᠢ ᠲᠡᠷᠢᠭᠦᠯᠡᠵᠦ ᠡᠬᠢᠯᠡᠪᠡ᠃ ᠲᠡᠷᠡ ᠪᠠᠷᠢᠯᠳᠤᠭᠠᠨ ᠳᠤ ᠦᠵᠦᠭᠦᠷᠯᠡᠭᠰᠡᠨ ᠢᠶᠡᠷ ᠲᠡᠷᠡ 1100 ᠣᠨᠣᠭ᠎ᠠ ᠠᠪᠤᠭᠰᠠᠨ ᠶᠤᠮ᠃ ᠤᠯᠤᠰ ᠤᠨ ᠵᠠᠭᠠᠨ ᠮ ∙ᠯᠾᠬᠠᠪᠠᠭᠡᠷᠡᠯ ᠳᠡᠳ᠋ ᠪᠠᠢᠷᠢ ᠤᠷᠤᠭᠤ ᠤᠬᠤᠷᠢᠭᠰᠠᠨ ᠪᠣᠯ ᠤᠯᠤᠰ ᠤᠨ ᠨᠠᠴᠢᠨ ᠡ᠊ ∙ ᠪᠠᠲᠤᠮᠠᠩᠨᠠᠢ ᠡᠨᠡ ᠬᠦ ᠪᠠᠷᠢᠯᠳᠤᠭᠠᠨ ᠳᠤ ᠵᠣᠳᠣᠭᠯᠠᠭ᠎ᠠ ᠦᠭᠡᠢ ᠴᠤ ᠭᠤᠷᠪᠠᠳᠤᠭᠠᠷ ᠪᠠᠢᠷᠢ ᠪᠠᠨ ᠬᠠᠳᠠᠭᠠᠯᠠᠵᠤ ᠦᠯᠡᠳᠡᠵᠦ ᠴᠢᠳᠠᠯ᠎ᠠ᠃

ᠰᠡᠳᠬᠢᠭᠳᠡᠯ ᠦᠯᠡᠳᠡᠭᠡᠬᠦ