ᠵᠢᠯ ᠳᠦ ᠬᠣᠶᠠᠷ ᠰᠠᠶ᠎ᠠ ᠭᠠᠷᠤᠢ ᠬᠣᠣᠰ ᠭᠤᠲᠤᠯ ᠦᠢᠯᠡᠳᠪᠤᠷᠢᠯᠡᠨ᠎ᠡ | News.MN

ᠵᠢᠯ ᠳᠦ ᠬᠣᠶᠠᠷ ᠰᠠᠶ᠎ᠠ ᠭᠠᠷᠤᠢ ᠬᠣᠣᠰ ᠭᠤᠲᠤᠯ ᠦᠢᠯᠡᠳᠪᠤᠷᠢᠯᠡᠨ᠎ᠡ

ᠶᠡᠷᠦᠩᠬᠡᠢᠯᠡᠭᠴᠢ ᠤᠬᠤᠨ᠎ᠠ ᠶᠢᠨ ᠬᠦᠷᠡᠯᠰᠦ᠋ᠬᠡ ᠭᠤᠲᠤᠯ ᠦᠢᠯᠡᠳᠪᠦᠷᠢᠯᠡᠭᠴᠢ ᠠᠵᠤ ᠠᠬᠤᠢ ᠶᠢᠨ ᠨᠢᠭᠡᠴᠡ ᠨᠦᠭᠦᠳ ᠲᠦ ᠠᠵᠢᠯᠯᠠᠵᠠᠢ᠃ ᠲᠡᠷᠡ ᠪᠡᠷ ᠡᠬᠢᠯᠡᠭᠡᠳ ᠪᠠᠶᠠᠨᠵᠢᠷᠦᠬᠡ ᠳᠡᠭᠦᠷᠭᠡ ᠶᠢᠨ ᠭᠤᠴᠢᠨ ᠨᠢᠭᠡᠳᠦᠭᠡᠷ ᠬᠣᠷᠢᠶᠠᠨ ᠤ ᠨᠤᠲᠤᠭ ᠲᠤ ᠪᠠᠢᠷᠢᠯᠠᠬᠤ 《ᠮᠢᠨᠦ ᠭᠤᠲᠤᠯ》 ᠺᠣᠮᠫᠠᠨᠢ ᠳᠦ ᠣᠴᠢᠯ᠎ᠠ᠃ ᠲᠤᠰ ᠺᠣᠮᠫᠠᠨᠢ 2011 ᠣᠨ ᠳᠤ ᠭᠤᠲᠤᠯ ᠵᠠᠰᠠᠪᠤᠷᠢ ᠠᠵᠢᠯᠯᠠᠭᠤᠯᠵᠤ ᠪᠠᠢᠭᠰᠠᠨ ᠪᠣᠯ ᠡᠳᠦᠭᠡ ᠡᠳᠦᠷ ᠲᠦ Yurdi  ᠪᠷᠡᠨᠳ᠋ ᠦᠨ 200 ᠬᠣᠣᠰ ᠭᠤᠲᠤᠯ ᠦᠢᠯᠡᠳᠪᠦᠷᠢᠯᠡᠬᠦ ᠬᠦᠴᠦᠨ ᠴᠢᠳᠠᠯ ᠲᠠᠢ ᠦᠢᠯᠡᠳᠪᠦᠷᠢ ᠲᠡᠢ ᠪᠣᠯᠵᠠᠢ᠃ ᠣᠳᠣ 32 ᠠᠵᠢᠯᠲᠠᠨ ᠲᠠᠢ᠂ 21 ᠠᠢᠮᠠᠭ ᠲᠤ ᠭᠡᠷᠡᠲᠦ ᠪᠣᠷᠣᠯᠠᠭᠤᠯᠤᠭᠴᠢ ᠲᠠᠢ ᠪᠥᠭᠡᠳ ᠥᠩᠭᠡᠷᠡᠭᠰᠡᠨ ᠵᠢᠯ 42 ᠮᠢᠩᠭᠠᠨ ᠬᠣᠣᠰ ᠭᠤᠲᠤᠯ ᠦᠢᠯᠡᠳᠪᠦᠷᠢᠯᠡᠭᠰᠡᠨ ᠪᠠᠢᠨ᠎ᠠ᠃

《ᠴᠠᠭᠠᠨ ᠠᠯᠲᠠ》 ᠦᠨᠳᠦᠰᠦᠨ ᠦ ᠬᠥᠲᠥᠯᠪᠦᠷᠢ ᠶᠢᠨ ᠬᠦᠷᠢᠶᠡᠨ ᠳᠦ 600 ᠰᠠᠶ᠎ᠠ ᠲᠥᠭᠥᠷᠢᠭ ᠦᠨ ᠡᠷᠭᠢᠯᠲᠡ ᠶᠢᠨ ᠬᠥᠷᠥᠩᠭᠡ ᠶᠢᠨ ᠵᠢᠭᠡᠯᠡ ᠠᠪᠤᠭᠰᠠᠨ ᠢᠶᠠᠷ ᠦᠢᠯᠡᠳᠪᠦᠷᠢ ᠪᠡᠨ ᠦᠷᠭᠡᠳᠭᠡᠬᠦ᠂ ᠲᠣᠭᠲᠠᠪᠤᠷᠢᠲᠠᠢ ᠦᠢᠯᠡ ᠠᠵᠢᠯᠯᠠᠭ᠎ᠠ ᠶᠠᠪᠤᠭᠤᠯᠬᠤ ᠪᠣᠯᠤᠮᠵᠢ ᠪᠦᠷᠢᠳᠦᠭᠰᠡᠨ ᠲᠤᠬᠠᠢ ᠵᠠᠬᠢᠷᠤᠯ ᠡ᠊ ∙ ᠲᠦᠪᠰᠢᠨᠲᠤᠯᠭ᠎ᠠ ᠲᠠᠨᠢᠯᠴᠠᠭᠤᠯᠤᠯ᠎ᠠ᠃ ᠴᠢᠨᠠᠭᠰᠢᠳᠠ ᠲᠣᠨᠣᠭ ᠲᠥᠬᠥᠭᠡᠷᠦᠮᠵᠢ ᠶᠢᠨ ᠵᠢᠭᠡᠯᠡ ᠠᠪᠴᠤ 2027 ᠣᠨ ᠠᠴᠠ ᠡᠳᠦᠷ ᠲᠦ 400 ᠬᠣᠣᠰ ᠭᠤᠲᠤᠯ ᠦᠢᠯᠡᠳᠪᠦᠷᠢᠯᠡᠨ᠂ 30 ᠭᠠᠷᠤᠢ ᠠᠵᠢᠯ ᠤᠨ ᠪᠠᠢᠷᠢ ᠰᠢᠨ᠎ᠡ ᠪᠡᠷ ᠪᠤᠢ ᠪᠣᠯᠭᠠᠬᠤ ᠪᠠᠷ ᠲᠥᠯᠥᠪᠯᠡᠵᠡᠢ᠃

ᠶᠡᠷᠦᠩᠬᠡᠢᠯᠡᠭᠴᠢ ᠮᠥᠨ ᠪᠠᠶᠠᠨᠵᠢᠷᠦᠬᠡ ᠳᠡᠭᠦᠷᠭᠡ ᠶᠢᠨ 13 ᠳ᠋ᠤᠭᠠᠷ ᠬᠣᠷᠢᠶᠠᠨ ᠤ ᠨᠤᠲᠤᠭ ᠲᠤ ᠪᠠᠢᠷᠢᠯᠠᠬᠤ 《ᠥᠨᠳᠥᠷ ᠤᠷᠲᠤ ᠶᠢᠨ ᠪᠤᠶᠠᠨ》ᠺᠣᠮᠫᠠᠨᠢ ᠳᠦ ᠠᠵᠢᠯᠯᠠᠯ᠎ᠠ᠃ ᠲᠤᠰ ᠺᠣᠮᠫᠠᠨᠢ 45 ᠠᠵᠢᠯᠲᠠᠨ ᠲᠠᠢ᠃ ᠥᠩᠭᠡᠷᠡᠭᠰᠡᠨ ᠵᠢᠯ ᠬᠥᠷᠥᠩᠭᠡ ᠣᠷᠣᠭᠤᠯᠤᠯᠲᠠ ᠶᠢᠨ ᠵᠢᠭᠡᠯᠡ ᠠᠪᠴᠤ᠂ ᠤᠯᠤᠰ ᠲᠤ ᠪᠠᠨ ᠠᠩᠬᠠᠨ ᠤ ᠰᠢᠭᠤᠳ ᠤᠯᠠᠯᠠᠭᠠᠨ ᠤ ᠦᠢᠯᠡᠳᠪᠦᠷᠢ ᠲᠡᠢ ᠪᠣᠯᠤᠭᠰᠠᠨ᠃ ᠣᠳᠣ ᠪᠠᠷ ᠡᠳᠦᠷ ᠲᠦ 《 ᠪᠠᠲ᠋ᠤᠷ》 ᠪᠷᠡᠨᠳ᠋ ᠦᠨ᠂ ᠶᠡᠬᠡᠪᠴᠢᠯᠡᠨ ᠠᠵᠢᠯ ᠤᠨ 800 ᠬᠣᠣᠰ ᠭᠤᠲᠤᠯ ᠦᠢᠯᠡᠳᠪᠦᠷᠢᠯᠡᠵᠦ ᠪᠠᠢᠨ᠎ᠠ᠃  ᠲᠡᠳᠡ 2028 ᠣᠨ ᠭᠡᠬᠦ ᠳᠦ ᠡᠳᠦᠷ ᠲᠦ 1600 ᠬᠣᠣᠰ ᠭᠤᠲᠤᠯ ᠦᠢᠯᠡᠳᠪᠦᠷᠢᠯᠡᠬᠦ ᠵᠣᠷᠢᠯᠲᠠ ᠲᠠᠯᠪᠢᠵᠠᠢ᠃

ᠦᠨᠳᠦᠰᠦᠨ ᠦ ᠦᠢᠯᠡᠳᠪᠦᠷᠢᠯᠡᠭᠴᠢᠳ ᠵᠢᠯ ᠳᠦ ᠨᠢᠭᠡ ᠰᠠᠶ᠎ᠠ ᠭᠠᠷᠤᠢ ᠬᠣᠣᠰ ᠭᠤᠲᠤᠯ ᠦᠢᠯᠡᠳᠪᠦᠷᠢᠯᠡᠳᠡᠭ ᠪᠥᠭᠡᠳ 《ᠴᠠᠭᠠᠨ ᠠᠯᠲᠠ》 ᠦᠨᠳᠦᠰᠦᠨ ᠦ ᠬᠥᠲᠥᠯᠪᠦᠷᠢ ᠶᠢᠨ ᠬᠦᠷᠢᠶᠡᠨ ᠳᠦ ᠬᠣᠶᠠᠷ ᠰᠠᠶ᠎ᠠ ᠳᠤ ᠬᠦᠷᠭᠡᠬᠦ ᠵᠣᠷᠢᠯᠲᠠ ᠲᠠᠯᠪᠢᠵᠠᠢ᠃

 

ᠰᠡᠳᠬᠢᠭᠳᠡᠯ ᠦᠯᠡᠳᠡᠭᠡᠬᠦ