ᠳᠤᠮᠳᠠᠭᠤᠪᠢ ᠠᠢᠮᠠᠭ ᠤᠨ ᠮᠦᠽᠧᠢ ᠬᠦᠷᠡᠯ ᠡᠳ᠋ᠯᠡᠯ ᠦᠨ ᠦᠵᠡᠮᠦᠷᠢ ᠪᠡᠷ ᠢᠶᠡᠨ ᠪᠤᠰᠤᠳ ᠠᠢᠮᠠᠭ ᠤᠨ ᠮᠦᠽᠧᠢ ᠡᠴᠡ ᠣᠨᠴᠠᠯᠢᠭ ᠲᠠᠢ᠃ ᠲᠤᠰ ᠠᠢᠮᠠᠭ ᠤᠨ ᠨᠤᠲᠤᠭ ᠲᠤ ᠬᠦᠷᠡᠯ ᠵᠡᠪᠰᠡᠭ ᠦᠨ ᠦᠶ᠎ᠡ ᠳᠦ ᠬᠣᠯᠪᠣᠭᠳᠠᠬᠤ ᠳᠥᠷᠪᠡᠯᠵᠢᠨ ᠪᠤᠯᠠᠰᠢ᠂ ᠬᠢᠷᠭᠢᠰᠬᠡᠭᠦᠷ᠂ ᠬᠠᠳᠠᠨ ᠤ ᠵᠢᠷᠤᠭ ᠵᠡᠷᠭᠡ ᠳᠤᠷᠠᠰᠬᠠᠯ ᠣᠯᠠᠨ ᠪᠤᠢ᠃ ᠲᠤᠰ ᠮᠦᠽᠧᠢ ᠳᠦ 700 ᠣᠷᠴᠢᠮ ᠬᠦᠷᠡᠯ ᠡᠳ᠋ᠯᠡᠯ ᠬᠠᠳᠠᠭᠠᠯᠠᠭᠳᠠᠵᠤ ᠪᠠᠢᠨ᠎ᠠ᠃ ᠬᠦᠷᠡᠯ ᠦᠨ ᠴᠤᠭᠯᠠᠭᠤᠯᠭ᠎ᠠ ᠶᠢᠨ ᠨᠢᠭᠡ ᠨᠢ 《ᠬᠦᠷᠡᠯ ᠵᠠᠭᠠᠯᠮᠠᠢ》 ᠶᠤᠮ᠃ ᠡᠨᠡ ᠬᠦ ᠠᠷᠬᠧᠣᠯᠣᠭᠢ ᠶᠢᠨ ᠣᠯᠳᠠᠪᠤᠷᠢ 4.6x 4 ᠰᠠᠨᠲ᠋ᠢᠮᠧᠲ᠋ᠷ ᠤᠨ ᠬᠡᠮᠵᠢᠶ᠎ᠡ ᠲᠡᠢ ᠪᠠ ᠭᠣᠶᠣᠯᠠᠯ ᠴᠢᠮᠡᠭᠯᠡᠯ ᠦᠨ ᠡᠳ᠋ ᠵᠦᠢᠯ ᠳᠦ ᠬᠠᠮᠢᠶᠠᠷᠤᠨ᠎ᠠ᠃
ᠮᠦᠽᠧᠢ ᠶᠢᠨ ᠲᠠᠢᠯᠪᠤᠷᠢ ᠳᠤ ᠪᠢᠴᠢᠭᠰᠡᠨ ᠢᠶᠡᠷ ᠡᠨᠡ ᠬᠦ ᠬᠦᠷᠡᠯ ᠦᠵᠡᠮᠦᠷᠢ ᠣᠷᠴᠢᠨ ᠦᠶ᠎ᠡ ᠶᠢᠨ ᠾᠷᠢᠰᠲ᠋ᠤᠰ ᠤᠨ ᠵᠠᠭᠠᠯᠮᠠᠢ ᠶᠢᠨ ᠬᠡᠯᠪᠡᠷᠢ ᠲᠡᠢ ᠪᠥᠭᠡᠳ ᠬᠥᠨᠳᠡᠯᠡᠨ ᠬᠡᠰᠡᠭ ᠪᠣᠯᠤᠨ ᠪᠣᠰᠤᠭ᠎ᠠ ᠬᠡᠰᠡᠭ ᠦᠨ ᠳᠡᠭᠡᠳᠦ ᠲᠠᠯ᠎ᠠ ᠨᠤᠭᠤᠳ ᠪᠣᠭᠣᠨᠢ᠃ ᠳᠡᠭᠡᠳᠦ ᠬᠡᠰᠡᠭ ᠨᠢ ᠬᠤᠭᠤᠷᠠᠭᠰᠠᠨ᠂ ᠵᠠᠭᠠᠯᠮᠠᠢ ᠶᠢᠨ ᠦᠵᠦᠭᠦᠷ ᠦᠳ ᠭᠤᠷᠪᠠ ᠰᠠᠯᠠᠭᠠᠯᠠᠭᠰᠠᠨ ᠴᠡᠴᠡᠭ ᠨᠠᠪᠴᠢ ᠮᠠᠶ᠋ᠢᠭ ᠤᠨ ᠬᠡᠯᠪᠡᠷᠢ ᠲᠡᠢ᠂ ᠲᠡᠭᠦᠨ ᠳᠡᠭᠡᠷ᠎ᠡ ᠴᠠᠭᠠᠰᠢ ᠬᠣᠩᠬᠣᠢᠯᠭᠠᠨ ᠴᠣᠭᠣᠯᠪᠤᠷᠢᠯᠠᠭᠰᠠᠨ ᠣᠯᠠᠨ ᠵᠢᠵᠢᠭ ᠨᠦᠬᠡ ᠲᠡᠢ ᠶᠤᠮ᠃ ᠡᠨᠡ ᠬᠦ ᠦᠵᠡᠮᠦᠷᠢ ᠨᠢ ᠠᠷᠪᠠᠳᠤᠭᠠᠷ ᠵᠠᠭᠤᠨ ᠤ ᠦᠶ᠎ᠡ ᠶᠢᠨ ᠮᠣᠩᠭᠣᠯ ᠤᠨ ᠨᠡᠭᠦᠳᠡᠯᠴᠢᠨ ᠠᠢᠮᠠᠭ ᠤᠳ ᠤᠨ ᠨᠢᠭᠡ ᠬᠡᠷᠡᠢᠳ ᠠᠢᠮᠠᠭ ᠤᠨ ᠬᠢᠨ ᠦ ᠬᠡᠷᠡᠭᠯᠡᠵᠦ ᠪᠠᠢᠭᠰᠠᠨ ᠡᠳ᠋ ᠵᠦᠢᠯ ᠬᠡᠮᠡᠨ ᠲᠣᠳᠣᠷᠬᠠᠢᠯᠠᠳᠠᠭ᠃