ᠵᠠᠪᠬᠠᠨ ᠠᠢᠮᠠᠭ ᠤᠨ ᠠᠯᠳᠠᠷᠬᠠᠨ ᠰᠤᠮᠤ ᠶᠢᠨ ᠨᠤᠲᠤᠭ᠂ ᠢᠮᠠᠭᠠᠨ ᠤᠰᠤᠨ ᠤ ᠳᠤᠷᠠᠰᠬᠠᠯᠲᠤ ᠭᠠᠵᠠᠷ ᠠᠴᠠ ᠣᠯᠳᠠᠭᠰᠠᠨ ᠰᠡᠦᠬᠡ ᠲᠡᠷᠭᠡᠨ ᠦ ᠮᠣᠳᠣᠨ ᠲᠡᠪᠰᠢ ᠨᠢ ᠾᠦᠩᠨᠤ ᠶᠢᠨ ᠦᠶ᠎ᠡ ᠶᠢᠨ ᠢᠵᠠᠭᠤᠷᠲᠠᠨ ᠤ ᠬᠢ ᠪᠣᠯᠬᠤ ᠨᠢ ᠲᠣᠭᠲᠠᠭᠠᠭᠳᠠᠵᠠᠢ᠃
ᠤᠭ ᠳᠤᠷᠠᠰᠬᠠᠯᠲᠤ ᠭᠠᠵᠠᠷ ᠨᠡᠢᠲᠡ ᠾᠦᠩᠨᠤ ᠶᠢᠨ ᠦᠶ᠎ᠡ ᠳᠦ ᠬᠣᠯᠪᠣᠭᠳᠠᠬᠤ 154 ᠪᠤᠯᠠᠰᠢ ᠪᠠᠢᠬᠤ ᠪᠥᠭᠡᠳ ᠡᠭᠦᠨ ᠡᠴᠡ 42 ᠨᠢ ᠾᠦᠩᠨᠤ ᠶᠢᠨ ᠢᠵᠠᠭᠤᠷᠲᠠᠨ ᠤ ᠳᠤᠷᠠᠰᠬᠠᠯ ᠪᠣᠯᠬᠤ ᠡᠭᠦᠳᠡᠪᠴᠢ ᠲᠡᠢ ᠪᠤᠯᠠᠰᠢ᠂ ᠪᠤᠰᠤᠳ ᠨᠢ ᠡᠩ ᠦᠨ ᠴᠠᠭᠠᠷᠢᠭ ᠬᠡᠯᠪᠡᠷᠢ ᠶᠢᠨ ᠪᠤᠯᠠᠰᠢ ᠪᠠᠢᠨ᠎ᠠ᠃
ᠡᠳᠡᠭᠡᠷ ᠡᠴᠡ ᠣᠨᠴᠠᠯᠠᠪᠠᠯ ᠢᠮᠠᠭᠠᠨ ᠤᠰᠤᠨ ᠤ 61 ᠳᠦᠭᠡᠷ ᠪᠤᠯᠠᠰᠢ ᠨᠢ 23 ᠮᠧᠲ᠋ᠷ X 24 ᠮᠧᠲ᠋ᠷ ᠬᠡᠮᠵᠢᠶ᠎ᠡ ᠲᠡᠢ ᠵᠡᠭᠦᠨ ᠲᠠᠯ᠎ᠠ ᠳᠤ ᠪᠠᠨ ᠭᠤᠷᠪᠠᠨ ᠳᠠᠭᠠᠭᠤᠯᠢ ᠪᠤᠯᠠᠰᠢ ᠲᠠᠢ᠃ ᠬᠤᠢᠳᠤ ᠬᠡᠰᠡᠭ ᠲᠦ ᠪᠡᠨ ᠵᠢᠷᠭᠤᠭᠠᠨ ᠰᠢᠷᠬᠡᠭ ᠬᠣᠣᠰ ᠵᠢᠷᠤᠭ᠎ᠠ ᠲᠠᠢ᠃ 12 ᠮᠧᠲ᠋ᠷ ᠤᠷᠲᠤ ᠡᠭᠦᠳᠡᠪᠴᠢ ᠲᠡᠢ ᠳᠥᠷᠪᠡᠯᠵᠢᠨ ᠬᠠᠰᠢᠯᠭ᠎ᠠ ᠴᠢᠯᠠᠭᠤᠨ ᠳᠠᠷᠤᠭᠠᠰᠤ ᠪᠦᠬᠦᠢ ᠾᠦᠩᠨᠤ ᠶᠢᠨ ᠢᠵᠠᠭᠤᠷᠲᠠᠨ ᠤ ᠳᠤᠷᠠᠰᠬᠠᠯ ᠶᠤᠮ᠃ 61 ᠳᠦᠭᠡᠷ ᠳᠤᠷᠠᠰᠬᠠᠯ ᠤᠨ ᠮᠠᠯᠲᠠᠯᠭ᠎ᠠ ᠶᠢᠨ ᠳᠣᠯᠣᠳᠤᠭᠠᠷ ᠦᠶ᠎ᠡ ᠡᠴᠡ ᠣᠯᠳᠠᠭᠰᠠᠨ ᠰᠡᠦᠬᠡ ᠲᠡᠷᠭᠡᠨ ᠦ ᠮᠣᠳᠣᠨ ᠲᠡᠪᠰᠢᠨ ᠦ ᠬᠡᠰᠡᠭ ᠨᠢ ᠤᠷᠠᠨ ᠨᠠᠷᠢᠨ ᠬᠡ ᠬᠤᠸᠠᠷ ᠢᠶᠠᠷ ᠴᠢᠮᠡᠭᠯᠡᠭᠳᠡᠭᠰᠡᠨ ᠪᠠᠢᠨ᠎ᠠ᠃ ᠤᠭ ᠲᠡᠪᠰᠢᠨ ᠦ ᠬᠡᠰᠡᠭ ᠦᠳ ᠨᠢ ᠤᠯᠠᠭᠠᠨ᠂ ᠨᠣᠭᠣᠭᠠᠨ᠂ ᠰᠢᠷ᠎ᠠ᠂ ᠴᠠᠭᠠᠨ ᠵᠡᠷᠭᠡ ᠶᠢᠨ ᠣᠯᠠᠨ ᠥᠩᠭᠡ ᠰᠢᠩᠭᠡᠭᠡᠵᠦ᠂ ᠵᠦᠮᠪᠦᠷᠯᠡᠵᠦ ᠬᠡᠭᠡᠯᠡᠭᠰᠡᠨ ᠨᠠᠷᠢᠨ ᠬᠡ ᠬᠤᠸᠠᠷ ᠲᠠᠢ᠃ ᠨᠡᠢᠲᠡ ᠳᠦ ᠨᠢ ᠤᠰᠤᠨ ᠪᠣᠯᠤᠨ ᠡᠭᠦᠯᠡᠨ ᠬᠡ ᠶᠢ ᠳᠦᠷᠰᠦᠯᠡᠵᠡᠢ᠃
ᠡᠨᠡ ᠬᠦ ᠪᠤᠯᠠᠰᠢᠨ ᠠᠴᠠ ᠣᠯᠳᠠᠭᠰᠠᠨ ᠬᠦᠮᠦᠨ ᠦ ᠶᠠᠰᠤᠨ ᠳᠤ 《ᠡᠷᠲᠡᠨ ᠦ ᠬᠦᠮᠦᠨ ᠰᠤᠳᠤᠯᠤᠯ》 ᠤᠨ ᠰᠤᠳᠤᠯᠭ᠎ᠠ ᠶᠢ ᠮᠣᠩᠭᠣᠯ ᠤᠯᠤᠰ ᠤᠨ ᠶᠡᠬᠡ ᠰᠤᠷᠭᠠᠭᠤᠯᠢ ᠤᠨ ᠫᠷᠣᠹᠧᠰᠰᠣᠷ ᠳ ∙ ᠲᠦᠮᠡᠨ᠂ ᠮ ∙ ᠡᠷᠳᠡᠨᠢ ᠨᠠᠷ ᠬᠢᠭᠡᠳ ᠴᠡᠪᠡᠷ ᠮᠣᠩᠭᠣᠯ ᠲᠥᠷᠬᠥ ᠲᠡᠢ ᠪᠣᠯᠬᠤ ᠨᠢ ᠲᠣᠭᠲᠠᠭᠠᠭᠳᠠᠭᠰᠠᠨ ᠨᠢ 《 ᠾᠦᠩᠨᠤ ᠶᠢᠨ ᠢᠵᠠᠭᠤᠷᠲᠠᠳ ᠥᠨᠥ ᠶᠢᠨ ᠮᠣᠩᠭᠣᠯᠴᠤᠳ ᠪᠢᠳᠡᠨ ᠦ ᠡᠪᠦᠭᠡ ᠳᠡᠭᠡᠳᠦᠰ ᠪᠠᠢᠭᠰᠠᠨ》 ᠢ ᠪᠠᠲᠤᠯᠠᠬᠤ ᠦᠨᠡᠲᠦ ᠰᠤᠷᠪᠤᠯᠵᠢ ᠪᠣᠯᠤᠭᠰᠠᠨ ᠶᠤᠮ᠃