ᠪ ∙ ᠮᠦᠩᠭᠦᠨᠲᠤᠤᠯᠠ ᠫᠦᠨᠠ  ᠶᠢᠨ ᠭᠷᠡᠨᠫᠡᠷᠢ ᠶᠢ ᠬᠣᠵᠢᠯ ᠢᠶᠠᠷ ᠡᠬᠢᠯᠡᠭᠦᠯᠦᠯ᠎ᠡ | News.MN

ᠪ ∙ ᠮᠦᠩᠭᠦᠨᠲᠤᠤᠯᠠ ᠫᠦᠨᠠ  ᠶᠢᠨ ᠭᠷᠡᠨᠫᠡᠷᠢ ᠶᠢ ᠬᠣᠵᠢᠯ ᠢᠶᠠᠷ ᠡᠬᠢᠯᠡᠭᠦᠯᠦᠯ᠎ᠡ

ᠣᠯᠠᠨ ᠤᠯᠤᠰ ᠤᠨ ᠰᠢᠲᠠᠷ᠎ᠠ ᠶᠢᠨ ᠬᠣᠯᠪᠣᠭᠠᠨ ᠠᠴᠠ ᠵᠣᠬᠢᠶᠠᠨ ᠪᠠᠢᠭᠤᠯᠳᠠᠭ ᠡᠮᠡᠭᠲᠡᠢᠴᠦᠳ ᠦᠨ ᠭᠷᠡᠨᠫᠡᠷᠢ ᠲᠡᠮᠡᠴᠡᠭᠡᠨ ᠦ ᠡᠭᠡᠯᠵᠢᠲᠦ ᠴᠤᠪᠤᠷᠠᠯ ᠡᠨᠡᠳᠬᠡᠭ ᠦᠨ ᠫᠦᠨᠠ ᠬᠣᠲᠠ ᠳᠤ ᠡᠬᠢᠯᠡᠯ᠎ᠡ᠃ 80 ᠮᠢᠩᠭᠠᠨ ᠧᠦ᠋ᠷᠣ ᠶᠢᠨ ᠱᠠᠩᠨᠠᠯ ᠤᠨ ᠰᠠᠩ ᠲᠠᠢ ᠡᠨᠡ ᠬᠦ ᠲᠡᠮᠡᠴᠡᠭᠡᠨ ᠳᠦ ᠳᠡᠯᠡᠬᠡᠢ ᠶᠢᠨ ᠰᠢᠯᠢᠳᠡᠭ 10 ᠰᠢᠲᠠᠷᠠᠴᠢᠨ ᠣᠷᠣᠯᠴᠠᠵᠤ ᠪᠠᠢᠭ᠎ᠠ ᠶᠢᠨ ᠨᠢᠭᠡ ᠨᠢ ᠮᠣᠩᠭᠣᠯ ᠤᠨ ᠲᠠᠮᠢᠷᠴᠢᠨ ᠪ ∙ᠮᠦᠩᠭᠦᠨᠲᠤᠤᠯᠠ ᠶᠤᠮ᠃

ᠪ ∙ ᠮᠦᠩᠭᠦᠨᠲᠤᠤᠯᠠ ᠡᠬᠢᠨ ᠦ ᠥᠷᠥᠭ ᠲᠦ ᠪᠡᠨ ᠭᠷᠦᠽᠢᠶ᠎ᠡ ᠶᠢᠨ ᠮᠠᠰᠲ᠋ᠸᠷ ᠰᠠᠯᠤᠮᠧ ᠮᠧᠯᠢᠶᠠ ᠶᠢ ᠬᠣᠵᠢᠪᠠ᠃ ᠲᠡᠷᠡ ᠨᠡᠢᠯᠡᠪᠦᠷᠢ 131.67 ᠣᠨᠣᠭ᠎ᠠ ᠪᠠᠷ ᠶᠢᠰᠦᠳᠦᠭᠡᠷ ᠲᠦ ᠵᠢᠭᠰᠠᠭᠠᠵᠤ ᠪᠠᠢᠨ᠎ᠠ᠃ ᠪ ∙ᠮᠦᠩᠭᠦᠨᠲᠤᠤᠯᠠ ᠣᠨ ᠤ ᠰᠡᠭᠦᠯ ᠦᠨ ᠭᠷᠡᠨᠫᠡᠷᠢ ᠳᠤ ᠣᠷᠣᠯᠴᠠᠬᠤ ᠦᠭᠡᠢ ᠪᠥᠭᠡᠳ ᠡᠨᠡ ᠨᠢ ᠲᠡᠭᠦᠨ ᠦ ᠣᠨᠣᠭ᠎ᠠ ᠴᠤᠭᠯᠠᠭᠤᠯᠬᠤ ᠰᠡᠭᠦᠯ ᠦᠨ ᠲᠡᠮᠡᠴᠡᠭᠡᠨ ᠶᠤᠮ᠃

ᠰᠡᠳᠬᠢᠭᠳᠡᠯ ᠦᠯᠡᠳᠡᠭᠡᠬᠦ