ᠤᠯᠤᠰ ᠤᠨ ᠶᠡᠬᠡ ᠬᠤᠷᠠᠯ ᠤᠨ ᠭᠡᠰᠢᠭᠦᠨ ᠠᠰᠠᠨ ᠭ ∙ ᠠᠮᠤᠷᠲᠦ᠋ᠪᠰᠢᠨ《ᠡᠷᠴᠢᠰᠲᠤ ᠮᠣᠩᠭᠣᠯ》ᠨᠢᠭᠡᠳᠦᠯ ᠢ ᠤᠳᠤᠷᠢᠳᠬᠤ ᠪᠣᠯᠤᠭᠰᠠᠨ᠃ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠨ ∙ ᠤᠴᠠᠷᠠᠯ《ᠡᠷᠴᠢᠰᠲᠤ ᠮᠣᠩᠭᠣᠯ》ᠨᠢᠭᠡᠳᠦᠯ ᠦᠨ ᠬᠠᠷᠢᠶ᠎ᠠ ᠠᠭᠤᠯᠠ ᠠᠭᠤᠷᠬᠠᠢ ᠶᠢᠨ ᠪᠤᠰᠤ ᠲᠥᠷᠥ ᠶᠢᠨ ᠥᠮᠴᠢᠲᠤ ᠺᠣᠮᠫᠠᠨᠢ ᠨᠤᠭᠤᠳ ᠤᠨ ᠤᠳᠤᠷᠢᠳᠤᠯᠭ᠎ᠠ ᠨᠠᠷ ᠲᠠᠢ ᠡᠨᠡ ᠰᠠᠷ᠎ᠠ ᠶᠢᠨ 12 ᠳᠦ ᠠᠭᠤᠯᠵᠠᠭᠰᠠᠨ ᠪᠠᠢᠨ᠎ᠠ᠃
ᠲᠡᠷᠡ ᠪᠡᠷ᠄ ᠲᠥᠷᠥ ᠶᠢᠨ ᠥᠮᠴᠢᠲᠤ ᠺᠣᠮᠫᠠᠨᠢ ᠨᠡᠢᠲᠡ ᠶᠢᠨ ᠥᠮᠴᠢ ᠶᠢ ᠠᠰᠢᠭᠯᠠᠨ ᠪᠠᠶᠠᠯᠢᠭ ᠪᠦᠲᠦᠭᠡᠬᠦ ᠭᠣᠣᠯ ᠵᠣᠷᠢᠯᠭ᠎ᠠ ᠲᠠᠢ᠃ ᠲᠡᠢᠮᠦ ᠡᠴᠡ ᠤᠯᠤᠰ ᠲᠥᠷᠥ ᠡᠴᠡ ᠠᠩᠭᠢᠳᠠ᠂ ᠢᠯᠡ ᠲᠣᠳᠣ ᠨᠡᠭᠡᠭᠡᠯᠲᠡ ᠲᠡᠢ᠂ ᠦᠷ᠎ᠡ ᠠᠰᠢᠭ ᠲᠠᠢ᠂ ᠰᠠᠢᠨ ᠵᠠᠰᠠᠭᠯᠠᠯ ᠲᠠᠢ ᠪᠠᠢᠬᠤ ᠶᠣᠰᠣᠲᠠᠢ᠃ ᠢᠩᠭᠢᠬᠦ ᠳᠦ ᠪᠡᠨ ᠲᠥᠷᠥ ᠶᠢᠨ ᠵᠠᠢᠯᠠᠰᠢ ᠦᠭᠡᠢ ᠬᠢᠬᠦ ᠶᠣᠰᠣᠲᠠᠢ ᠴᠢᠭ ᠡᠭᠦᠷᠭᠡ ᠶᠢ ᠬᠤᠪᠢ ᠶᠢᠨ ᠬᠡᠪᠰᠢᠯ ᠲᠡᠢ ᠥᠷᠢᠰᠦᠯᠳᠦᠵᠦ ᠪᠤᠰᠤ ᠬᠠᠮᠲᠤᠷᠠᠵᠤ᠂ ᠬᠠᠷᠢᠭᠤᠴᠠᠯᠭ᠎ᠠ ᠲᠠᠢ ᠠᠵᠢᠯᠯᠠᠳᠠᠭ ᠵᠥᠪ ᠲᠣᠭᠲᠠᠯᠴᠠᠭ᠎ᠠ ᠶᠢ ᠪᠦᠷᠢᠳᠦᠭᠦᠯᠬᠦ ᠨᠢ ᠴᠢᠬᠤᠯᠠ᠃
ᠠᠯᠢᠪᠠ ᠦᠢᠯᠡ ᠠᠵᠢᠯᠯᠠᠭ᠎ᠠ ᠨᠢ ᠣᠯᠠᠨ ᠨᠡᠢᠲᠡ ᠳᠦ ᠨᠡᠭᠡᠭᠡᠯᠲᠡ ᠲᠡᠢ᠂ ᠢᠯᠡ ᠲᠣᠳᠣ ᠪᠠᠢᠬᠤ ᠨᠢ ᠲᠥᠷᠥ ᠶᠢᠨ ᠥᠮᠴᠢᠲᠤ ᠺᠣᠮᠫᠠᠨᠢ ᠶᠢᠨ ᠠᠵᠢᠯ ᠳᠤ ᠪᠠᠨ ᠪᠠᠷᠢᠮᠲᠠᠯᠠᠬᠤ ᠭᠣᠣᠯ ᠵᠠᠷᠴᠢᠮ ᠪᠠᠢᠬᠤ ᠶᠣᠰᠣᠲᠠᠢ᠃ ᠦᠷ᠎ᠡ ᠳ᠋ᠦᠩ ᠳᠦ ᠲᠥᠷᠥ ᠶᠢᠨ ᠥᠮᠴᠢᠲᠤ ᠺᠣᠮᠫᠠᠨᠢ ᠶᠢᠨ ᠡᠳ᠋ ᠦᠨ ᠵᠠᠰᠠᠭ ᠤᠨ ᠦᠷ᠎ᠡ ᠥᠭᠭᠦᠭᠡᠴᠢ᠂ ᠪᠦᠲᠦᠭᠡᠮᠵᠢ᠂ ᠥᠷᠢᠰᠥᠯᠳᠥᠬᠦ ᠴᠢᠳᠠᠪᠤᠷᠢ ᠳᠡᠭᠡᠭᠰᠢᠯᠡᠬᠦ ᠡᠴᠡ ᠭᠠᠳᠠᠨ᠎ᠠ ᠲᠡᠳᠡᠨ ᠳᠦ ᠢᠲᠡᠭᠡᠬᠦ ᠢᠷᠭᠡᠳ ᠦᠨ ᠢᠲᠡᠭᠡᠯ ᠰᠡᠷᠭᠦᠬᠦ ᠶᠣᠰᠣᠲᠠᠢ ᠭᠡᠵᠡᠢ᠃