90 ᠰᠠᠶ᠎ᠠ ᠵᠢᠯ ᠦᠨ ᠡᠮᠦᠨᠡᠬᠢ ᠬᠥᠬᠥᠲᠡᠨ ᠠᠮᠢᠲᠠᠨ ᠤ ᠰᠢᠨ᠎ᠡ ᠲᠥᠷᠥᠯ ᠵᠦᠢᠯ ᠣᠯᠳᠠᠵᠠᠢ | News.MN

90 ᠰᠠᠶ᠎ᠠ ᠵᠢᠯ ᠦᠨ ᠡᠮᠦᠨᠡᠬᠢ ᠬᠥᠬᠥᠲᠡᠨ ᠠᠮᠢᠲᠠᠨ ᠤ ᠰᠢᠨ᠎ᠡ ᠲᠥᠷᠥᠯ ᠵᠦᠢᠯ ᠣᠯᠳᠠᠵᠠᠢ

ᠮᠣᠩᠭᠣᠯ ᠣᠷᠣᠨ ᠠᠴᠠ ᠴᠡᠷᠳᠡ ᠶᠢᠨ ᠭᠠᠯᠪᠠ ᠶᠢᠨ ᠦᠶ᠎ᠡ ᠳᠦ ᠪᠤᠶᠤ 90 ᠰᠠᠶ᠎ᠠ ᠵᠢᠯ ᠦᠨ ᠡᠮᠦᠨ᠎ᠡ ᠦᠯᠦᠭ ᠭᠦᠷᠪᠡᠯ ᠦᠳ ᠲᠡᠢ ᠵᠡᠷᠭᠡᠴᠡᠨ ᠠᠮᠢᠳᠤᠷᠠᠵᠤ ᠪᠠᠢᠭᠰᠠᠨ ᠡᠷᠲᠡᠨ ᠦ ᠬᠥᠬᠥᠲᠡᠨ ᠠᠮᠢᠲᠠᠨ ᠤ ᠨᠢᠭᠡᠨ ᠰᠢᠨ᠎ᠡ ᠲᠥᠷᠥᠯ ᠵᠦᠢᠯ ᠢ ᠠᠩᠬ᠎ᠠ ᠤᠳᠠᠭ᠎ᠠ ᠪᠦᠷᠢᠳᠬᠡᠵᠡᠢ᠃ ᠲᠦᠷᠭᠡᠨ ᠬᠥᠳᠡᠯᠭᠡᠭᠡᠨ ᠲᠡᠢ᠂ ᠵᠢᠵᠢᠭ ᠪᠡᠶ᠎ᠡ ᠲᠡᠢ ᠡᠨᠡ ᠬᠦ ᠠᠮᠢᠲᠠᠨ ᠢ ᠷᠠᠪᠵᠠᠢ ᠢᠰᠢ ᠬᠡᠮᠡᠨ ᠨᠡᠷᠡᠯᠡᠭᠰᠡᠨ ᠪᠠᠢᠨ᠎ᠠ᠃ ᠡᠨᠡ ᠲᠥᠷᠥᠯ ᠦᠨ ᠠᠮᠢᠲᠠᠳ ᠤᠨ ᠦᠯᠡᠳᠡᠪᠦᠷᠢ ᠧᠦ᠋ᠷᠣᠫᠠ᠂ ᠠᠽᠢᠶ᠎ᠠ᠂ ᠠᠹᠷᠢᠺᠠ᠂ ᠬᠤᠢᠳᠤ ᠠᠮᠧᠷᠢᠺᠠ ᠶᠢᠨ ᠵᠠᠷᠢᠮ ᠣᠷᠣᠨ ᠠᠴᠠ ᠣᠯᠳᠠᠳᠠᠭ ᠴᠤ ᠮᠣᠩᠭᠣᠯ ᠠᠴᠠ ᠠᠩᠬ᠎ᠠ ᠤᠳᠠᠭ᠎ᠠ ᠣᠯᠳᠠᠭᠰᠠᠨ ᠨᠢ ᠡᠨᠡ ᠶᠤᠮ᠃ ᠡᠨᠡ ᠬᠦ ᠠᠮᠢᠲᠠᠨ ᠤ ᠦᠯᠡᠳᠡᠪᠦᠷᠢ ᠶᠢ ᠳᠣᠷᠣᠨᠠᠭᠣᠪᠢ ᠠᠢᠮᠠᠭ ᠤᠨ ᠪᠠᠶᠠᠨᠰᠢᠷᠡᠭᠡ ᠠᠭᠤᠯᠠ ᠶᠢᠨ ᠣᠷᠴᠢᠮ ᠠᠴᠠ ᠴᠤᠭᠯᠠᠭᠤᠯᠵᠠᠢ᠃ ᠡᠨᠡ ᠨᠢ ᠴᠡᠷᠳᠡ ᠶᠢᠨ ᠭᠠᠯᠪᠠ ᠶᠢᠨ ᠬᠥᠬᠥᠲᠡᠨ ᠠᠮᠢᠲᠠᠳ ᠤᠨ ᠲᠥᠷᠥᠯ ᠵᠦᠢᠯ ᠦᠳ ᠦᠨ ᠣᠨᠴᠠᠯᠢᠭ᠂ ᠠᠭᠤᠷ ᠠᠮᠢᠰᠬᠤᠯ᠂ ᠭᠠᠵᠠᠷ ᠵᠦᠢ ᠶᠢᠨ ᠬᠤᠪᠢ ᠳᠤ ᠬᠡᠷᠬᠢᠨ ᠲᠠᠷᠬᠠᠵᠤ ᠪᠠᠢᠭᠰᠠᠨ ᠢ ᠢᠯᠡᠳᠭᠡᠬᠦ ᠰᠢᠨᠡᠬᠡᠨ ᠣᠯᠳᠠᠪᠤᠷᠢ ᠪᠣᠯᠪᠠ᠃ ᠠᠮᠢᠲᠠᠨ ᠤ ᠰᠢᠳᠦᠨ ᠦ ᠬᠡᠯᠪᠡᠷᠢ ᠳᠦᠷᠰᠦ ᠳᠦ ᠬᠢᠭᠰᠡᠨ ᠫᠠᠯᠧᠶᠤᠨᠲ᠋ᠤᠯᠤᠭᠢ ᠶᠢᠨ ᠰᠤᠳᠤᠯᠭ᠎ᠠ ᠪᠠᠷ ᠷᠠᠪᠵᠠᠢ ᠢᠰᠢ ᠨᠢ ᠬᠤᠯᠤᠭᠠᠨ᠎ᠠ ᠲᠠᠢ ᠢᠵᠢᠯ ᠵᠢᠵᠢᠭ ᠪᠡᠶ᠎ᠡ ᠲᠡᠢ᠂ ᠡᠪᠡᠰᠦᠨ ᠢᠳᠡᠰᠢ ᠲᠡᠢ᠂ ᠲᠡᠵᠢᠭᠡᠯ ᠢᠶᠡᠨ ᠬᠡᠪᠢᠬᠦ ᠮᠠᠶ᠋ᠢᠭ ᠢᠶᠠᠷ ᠢᠳᠡᠳᠡᠭ ᠢ ᠲᠣᠭᠲᠠᠭᠠᠭᠰᠠᠨ ᠪᠠᠢᠨ᠎ᠠ᠃ ᠬᠠᠷᠢᠨ ᠢᠵᠢᠯ ᠣᠪᠣᠭᠲᠤ ᠪᠠᠭᠲᠠᠬᠤ ᠵᠠᠷᠢᠮ ᠲᠥᠷᠥᠯ ᠨᠢ ᠮᠢᠬᠠᠨ ᠪᠣᠯᠤᠨ ᠰᠢᠪᠠᠵᠢ ᠪᠠᠷ ᠬᠣᠭᠣᠯᠠᠯᠠᠳᠠᠭ ᠪᠠᠢᠭᠰᠠᠨ ᠭᠡᠨ᠎ᠡ᠃

ᠷᠠᠪᠵᠠᠢ ᠢᠰᠢ ᠬᠡᠮᠡᠬᠦ ᠡᠨᠡ ᠣᠯᠳᠠᠪᠤᠷᠢ ᠨᠢ ᠲᠤᠬᠠᠢ ᠶᠢᠨ ᠦᠶ᠎ᠡ ᠶᠢᠨ ᠡᠺᠣ ᠰᠢᠰᠲ᠋ᠧᠮ᠂ ᠠᠮᠢᠲᠠᠳ ᠤᠨ ᠲᠠᠯ᠎ᠠ ᠪᠠᠷ ᠴᠣᠭᠴᠠ ᠣᠢᠯᠠᠭᠠᠯᠲᠠ  ᠦᠭ᠍ᠭᠦᠬᠦᠢᠴᠡ ᠠᠴᠢ ᠬᠣᠯᠪᠣᠭᠳᠠᠯ ᠲᠠᠢ ᠨᠡᠭᠡᠭᠡᠯᠲᠡ ᠪᠣᠯᠵᠠᠢ᠃ ᠲᠤᠰ ᠰᠤᠳᠤᠯᠭ᠎ᠠ ᠨᠢ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠫᠠᠯᠧᠶᠤᠨᠲ᠋ᠤᠯᠤᠭᠢ ᠶᠢᠨ ᠬᠦᠷᠢᠶᠡᠯᠡᠩ ᠪᠣᠯᠤᠨ ᠶᠠᠫᠣᠨ ᠤ ᠣᠺᠠᠶᠠᠮᠠ ᠶᠢᠨ ᠰᠢᠨᠵᠢᠯᠡᠬᠦ ᠤᠬᠠᠭᠠᠨ᠂ ᠰᠤᠶᠤᠯ ᠦᠨ ᠬᠠᠮᠲᠤ ᠶᠢᠨ ᠠᠵᠢᠯᠯᠠᠭᠠᠨ ᠤ ᠨᠢᠭᠡᠨ ᠬᠡᠰᠡᠭ ᠶᠤᠮ᠃ ᠰᠤᠳᠤᠯᠭᠠᠨ ᠳᠤ ᠶᠠᠫᠣᠨ ᠤ ᠡᠷᠳᠡᠮᠲᠡᠳ ᠡᠴᠡ ᠭᠠᠳᠠᠨ᠎ᠠ ᠫᠠᠯᠧᠶᠤᠨᠲ᠋ᠤᠯᠤᠭᠢ ᠶᠢᠨ ᠬᠦᠷᠢᠶᠡᠯᠡᠩ ᠦᠨ ᠰᠤᠳᠤᠯᠤᠭᠠᠴᠢ ᠳ᠋ᠣᠺᠲ᠋ᠣᠷ ᠬ ∙ ᠴᠣᠭᠲᠤᠪᠠᠭᠠᠲᠤᠷ᠂ ᠪ ∙ ᠮᠠᠢᠨᠪᠠᠶᠠᠷ ᠨᠠᠷ ᠣᠷᠣᠯᠴᠠᠭᠰᠠᠨ ᠪᠠᠢᠨ᠎ᠠ᠃

ᠪ ∙ ᠮᠠᠢᠨᠪᠠᠶᠠᠷ᠄ ᠪᠢᠳᠡ ᠠᠩᠬ᠎ᠠ 2019 ᠣᠨ ᠳᠤ ᠳᠣᠷᠣᠨᠠᠭᠣᠪᠢ ᠠᠢᠮᠠᠭ ᠤᠨ ᠨᠤᠲᠤᠭ ᠲᠤ ᠫᠠᠯᠧᠶᠤᠨᠲ᠋ᠤᠯᠤᠭᠢ ᠶᠢᠨ ᠬᠡᠭᠡᠷ᠎ᠡ ᠶᠢᠨ ᠰᠤᠳᠤᠯᠭᠠᠨ ᠤ ᠠᠵᠢᠯ ᠢ ᠶᠠᠪᠤᠭᠤᠯᠬᠤ ᠳᠤ ᠪᠠᠨ ᠪᠠᠶᠠᠨᠰᠢᠷᠡᠭᠡ ᠠᠭᠤᠯᠠ ᠶᠢᠨ ᠣᠷᠴᠢᠮ ᠠᠴᠠ ᠶᠠᠰᠤᠨ ᠤ ᠪᠥᠭᠡᠭᠡᠨᠡᠷᠡᠯ ᠢ ᠣᠯᠤᠭᠰᠠᠨ᠃ ᠤᠯᠠᠮ ᠢᠶᠠᠷ ᠮᠠᠯᠲᠠᠯᠭ᠎ᠠ ᠬᠢᠵᠦ᠂ ᠲᠣᠳᠣᠷᠬᠠᠢ ᠠᠷᠭ᠎ᠠ ᠠᠷᠭᠠᠴᠢᠯᠠᠯ ᠢᠶᠠᠷ ᠪᠣᠯᠪᠠᠰᠤᠷᠠᠭᠤᠯᠤᠭᠰᠠᠨ ᠤ ᠳᠠᠷᠠᠭ᠎ᠠ ᠮᠠᠰᠢ ᠵᠢᠵᠢᠭ ᠬᠡᠮᠵᠢᠶ᠎ᠡ ᠲᠡᠢ᠂ ᠡᠪᠡᠰᠦ ᠪᠡᠷ ᠬᠣᠭᠣᠯᠠᠯᠠᠳᠠᠭ ᠬᠥᠬᠥᠲᠡᠨ ᠠᠮᠢᠲᠠᠨ ᠪᠣᠯᠬᠤ ᠶᠢ ᠲᠣᠭᠲᠠᠭᠠᠭᠰᠠᠨ᠃ ᠮᠣᠩᠭᠣᠯ ᠤᠨ ᠨᠤᠲᠤᠭ ᠠᠴᠠ ᠡᠨᠡ ᠲᠥᠷᠥᠯ ᠵᠦᠢᠯ ᠣᠯᠳᠠᠭᠰᠠᠨ ᠨᠢ ᠬᠥᠬᠥᠲᠡᠨ ᠠᠮᠢᠲᠠᠨ ᠤ ᠭᠠᠷᠤᠯ ᠡᠭᠦᠰᠦᠯ ᠦᠨ ᠲᠠᠯᠠᠭᠠᠷᠬᠢ ᠰᠤᠳᠤᠯᠭ᠎ᠠ ᠶᠢ ᠤᠷᠤᠭᠰᠢᠯᠠᠭᠤᠯᠬᠤ ᠳᠤ ᠲᠦᠯᠬᠢᠴᠡ ᠪᠣᠯᠤᠭᠰᠠᠨ ᠭᠡᠵᠦ ᠬᠡᠯᠡᠵᠦ ᠪᠣᠯᠤᠨ᠎ᠠ᠃ ᠪᠢᠳᠡ ᠶᠡᠬᠡᠪᠴᠢᠯᠡᠨ ᠦᠯᠦᠭ ᠭᠦᠷᠪᠡᠯ ᠦᠨ ᠰᠤᠳᠤᠯᠭᠠᠨ ᠤ ᠦᠷ᠎ᠡ ᠳ᠋ᠦᠩ ᠢ ᠣᠯᠠᠨ ᠨᠡᠢᠲᠡ ᠳᠦ ᠲᠠᠨᠢᠯᠴᠠᠭᠤᠯᠳᠠᠭ᠃ ᠲᠡᠭᠦᠪᠡᠷ ᠴᠤ ᠣᠯᠠᠨ ᠬᠦᠮᠦᠨ ᠫᠠᠯᠧᠶᠤᠨᠲ᠋ᠤᠯᠤᠭᠢ ᠶᠢᠨ ᠰᠢᠨᠵᠢᠯᠡᠬᠦ ᠤᠬᠠᠭᠠᠨ ᠢ ᠮᠡᠳᠡᠳᠡᠭ ᠪᠣᠯᠤᠭᠰᠠᠨ᠃ ᠬᠠᠷᠢᠨ ᠡᠨᠡ ᠤᠳᠠᠭ᠎ᠠ ᠦᠯᠦᠭ ᠭᠦᠷᠪᠡᠯ ᠲᠡᠢ ᠵᠡᠷᠭᠡᠴᠡᠨ ᠠᠮᠢᠳᠤᠷᠠᠵᠤ ᠪᠠᠢᠭᠰᠠᠨ ᠡᠷᠲᠡᠨ ᠦ ᠬᠥᠬᠥᠲᠡᠨ ᠠᠮᠢᠲᠠᠨ ᠤ ᠲᠠᠯ᠎ᠠ ᠪᠠᠷ ᠬᠦᠷᠭᠡᠵᠦ ᠪᠠᠢᠨ᠎ᠠ᠃ ᠡᠨᠡ ᠰᠤᠳᠤᠯᠭ᠎ᠠ ᠪᠠᠷ ᠳᠠᠮᠵᠢᠭᠤᠯᠤᠨ ᠦᠯᠦᠭ ᠭᠦᠷᠪᠡᠯ ᠠᠮᠢᠳᠤᠷᠠᠵᠤ ᠪᠠᠢᠭᠰᠠᠨ ᠦᠶ᠎ᠡ ᠶᠢᠨ ᠡᠺᠣ ᠰᠢᠰᠲ᠋ᠧᠮ ᠢ ᠴᠣᠭᠴᠠ ᠪᠠᠷ ᠨᠢ ᠬᠠᠷᠠᠬᠤ ᠪᠣᠯᠤᠮᠵᠢ ᠪᠥᠷᠢᠳᠬᠦ ᠠᠴᠢ ᠬᠣᠯᠪᠣᠭᠳᠠᠯ ᠲᠠᠢ ᠶᠤᠮ᠃ ᠲᠡᠭᠦᠨᠴᠢᠯᠡᠨ ᠡᠨᠡ ᠵᠦᠢᠯ ᠦᠨ ᠲᠠᠷᠬᠠᠯᠲᠠ ᠶᠢ ᠰᠤᠳᠤᠯᠤᠭᠰᠠᠨ ᠢᠶᠠᠷ ᠡᠷᠲᠡᠨ ᠦ ᠭᠠᠵᠠᠷ ᠵᠦᠢ ᠶᠢ ᠰᠡᠷᠭᠦᠭᠡᠨ ᠪᠣᠰᠬᠠᠬᠤ᠂ ᠨᠡᠭᠦᠳᠡᠯ ᠰᠠᠭᠤᠳᠠᠯ ᠢ ᠲᠣᠳᠣᠷᠬᠠᠢᠯᠠᠬᠤ᠂ ᠬᠠᠮᠢᠭ᠎ᠠ ᠡᠭᠦᠰᠴᠦ ᠬᠠᠮᠢᠭᠠᠰᠢ ᠪᠠᠨ ᠰᠢᠯᠵᠢᠵᠦ ᠨᠡᠭᠦᠳᠡᠯᠡᠭᠰᠡᠨ ᠵᠡᠷᠭᠡ ᠮᠡᠳᠡᠭᠡᠯᠡᠯ ᠢ ᠠᠪᠬᠤ ᠪᠣᠯᠤᠮᠵᠢ ᠲᠠᠢ ᠬᠡᠮᠡᠨ ᠶᠠᠷᠢᠵᠠᠢ᠃ ᠵᠢᠷᠭᠤᠭᠠᠨ ᠵᠢᠯ  ᠰᠤᠳᠤᠯᠤᠭᠰᠠᠨ ᠤ ᠡᠴᠦᠰ ᠲᠦ ᠳᠡᠭᠡᠷᠡᠬᠢ ᠬᠥᠬᠥᠲᠡᠨ ᠠᠮᠢᠲᠠᠨ ᠢ ᠨᠡᠭᠡᠭᠡᠵᠦ᠂ ᠤᠯᠠᠮ ᠢᠶᠠᠷ 10 ᠬᠣᠨᠣᠭ ᠤᠨ ᠡᠮᠦᠨ᠎ᠡ ᠣᠯᠠᠨ ᠨᠡᠢᠲᠡ ᠳᠦ ᠵᠠᠷᠯᠠᠭᠰᠠᠨ ᠶᠤᠮ᠃

ᠰᠡᠳᠬᠢᠭᠳᠡᠯ ᠦᠯᠡᠳᠡᠭᠡᠬᠦ