ᠮᠣᠩᠭᠣᠯ ᠤᠯᠤᠰ ᠤᠨ ᠶᠡᠬᠡ ᠬᠤᠷᠠᠯ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠪᠦᠬᠦ ᠬᠢᠲᠠᠳ ᠤᠨ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠬᠣᠭᠣᠷᠣᠨᠳᠣ ᠶᠢᠨ ᠪᠠᠢᠩᠭᠤ ᠶᠢᠨ ᠠᠭᠤᠯᠵᠠᠯᠲᠠ ᠶᠢᠨ ᠮᠧᠬᠠᠨᠢᠰᠮ ᠤᠨ ᠵᠢᠷᠭᠤᠳᠤᠭᠠᠷ ᠠᠭᠤᠯᠵᠠᠯᠲᠠ ᠥᠨᠥᠳᠥᠷ ᠪᠣᠯᠪᠠ᠃
ᠠᠭᠤᠯᠵᠠᠯᠲᠠ ᠶᠢ ᠮᠣᠩᠭᠣᠯ ᠤᠯᠤᠰ ᠤᠨ ᠶᠡᠬᠡ ᠬᠤᠷᠠᠯ ᠤᠨ ᠳᠡᠳ᠋ ᠳᠠᠷᠤᠭ᠎ᠠ᠂ ᠮᠣᠩᠭᠣᠯ᠂ ᠬᠢᠲᠠᠳ ᠤᠨ ᠫᠠᠷᠯᠠᠮᠧᠨᠲ ᠤᠨ ᠪᠦᠯᠦᠭ ᠦᠨ ᠳᠠᠷᠤᠭ᠎ᠠ ᠬ∙ᠪᠤᠯᠠᠭᠠᠨᠲᠤᠶᠠᠭ᠎ᠠ᠂ ᠪᠦᠭᠦᠳᠡ ᠨᠠᠢᠷᠠᠮᠳᠠᠬᠤ ᠬᠢᠲᠠᠳ ᠠᠷᠠᠳ ᠤᠯᠤᠰ ᠤᠨ ᠪᠦᠬᠦ ᠬᠢᠲᠠᠳ ᠤᠨ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠪᠠᠢᠩᠭᠤ ᠶᠢᠨ ᠬᠣᠷᠢᠶᠠᠨ ᠤ ᠳᠡᠳ᠋ ᠳᠠᠷᠤᠭ᠎ᠠ ᠯᠤᠪᠰᠠᠩᠵᠠᠨᠴᠠᠨ ᠨᠠᠷ ᠤᠳᠤᠷᠢᠳᠤᠨ ᠶᠠᠪᠤᠭᠤᠯᠤᠯ᠎ᠠ᠃ ᠠᠭᠤᠯᠵᠠᠯᠲᠠ ᠪᠠᠷ ᠬᠣᠶᠠᠷ ᠣᠷᠣᠨ ᠤ ᠬᠠᠷᠢᠯᠴᠠᠭ᠎ᠠ ᠲᠡᠷᠡ ᠳᠤᠮᠳᠠ ᠪᠠᠨ ᠫᠠᠷᠯᠠᠮᠧᠨᠲ᠂ ᠪᠠᠢᠩᠭᠤ ᠶᠢᠨ ᠬᠣᠷᠢᠶᠠᠳ ᠤᠨ ᠬᠠᠮᠲᠤ ᠶᠢᠨ ᠠᠵᠢᠯᠯᠠᠭ᠎ᠠ ᠶᠢ ᠪᠡᠬᠢᠵᠢᠭᠦᠯᠵᠦ᠂ ᠬᠠᠷᠢᠯᠴᠠᠨ ᠲᠤᠷᠰᠢᠯᠭ᠎ᠠ ᠰᠤᠯᠢᠯᠴᠠᠬᠤ᠂ ᠮᠥᠨ ᠬᠤᠳᠠᠯᠳᠤᠭ᠎ᠠ᠂ ᠡᠳ᠋ ᠦᠨ ᠵᠠᠰᠠᠭ᠂ ᠨᠣᠭᠣᠭᠠᠨ ᠬᠥᠭᠵᠢᠯ ᠭᠡᠰᠡᠨ ᠳᠥᠷᠪᠡᠨ ᠴᠢᠭᠯᠡᠯ ᠢᠶᠡᠷ ᠴᠠᠭᠠᠰᠢᠳᠠ ᠶᠢᠨ ᠬᠠᠮᠲᠤ ᠶᠢᠨ ᠠᠵᠢᠯᠯᠠᠭ᠎ᠠ ᠪᠠᠨ ᠭᠦᠨᠵᠡᠭᠡᠢᠷᠡᠭᠦᠯᠦᠨ ᠬᠥᠭᠵᠢᠭᠦᠯᠬᠦ ᠲᠠᠯ᠎ᠠ ᠪᠠᠷ ᠰᠠᠨᠠᠯ ᠰᠤᠯᠢᠯᠴᠠᠪᠠ᠃