ᠡᠮᠦᠨᠡᠲᠦ ᠰᠣᠯᠣᠩᠭᠣᠰ ᠤᠨ ᠠᠭᠠᠷ ᠤᠨ ᠲᠡᠭᠡᠭᠡᠪᠦᠷᠢ ᠶᠢᠨ 《Korean Air》ᠺᠣᠮᠫᠠᠨᠢ ᠪᠠᠭᠠᠨᠠᠭᠤᠷ ᠳᠡᠭᠦᠷᠭᠡ ᠳᠦ 20 ᠵᠢᠯ ᠦᠨ ᠡᠮᠦᠨ᠎ᠡ ᠡᠴᠡ ᠮᠣᠳᠣ ᠲᠠᠷᠢᠭᠰᠠᠨ ᠪᠢᠯᠡ᠃ ᠲᠡᠭᠡᠪᠡᠯ ᠢᠷᠡᠬᠦ ᠰᠠᠷ᠎ᠠ ᠳᠤ ᠲᠤᠰ ᠺᠣᠮᠫᠠᠨᠢ ᠶᠢᠨ ᠬᠢᠨ ᠮᠣᠩᠭᠣᠯ ᠳᠤ ᠢᠷᠡᠵᠦ 21 ᠳ᠋ᠡᠬᠢ ᠵᠢᠯ ᠳᠦ ᠪᠡᠨ ᠮᠣᠳᠣ ᠲᠠᠷᠢᠬᠤ ᠪᠠᠷ ᠲᠥᠯᠥᠪᠯᠡᠵᠦ ᠪᠠᠢᠭ᠎ᠠ ᠠᠵᠠᠢ᠃ ᠢᠩᠭᠢᠬᠦ ᠳᠦ ᠪᠡᠨ ᠮᠥᠨ ᠨᠢᠰᠬᠦ ᠶᠢᠨ 《Asiana Airlines》ᠺᠣᠮᠫᠠᠨᠢ ᠶᠢᠨ ᠠᠵᠢᠯᠴᠢᠳ ᠢ ᠣᠷᠤᠯᠴᠠᠭᠤᠯᠬᠤ ᠪᠠᠷ ᠪᠣᠯᠵᠠᠢ᠃ ᠤᠴᠢᠷ ᠨᠢ᠂ ᠠᠭᠠᠷ ᠤᠨ ᠲᠡᠭᠡᠭᠡᠪᠦᠷᠢ ᠶᠢᠨ ᠦᠢᠯᠡᠴᠢᠯᠡᠭᠡ ᠡᠷᠬᠢᠯᠡᠭᠴᠢ《Korean Air》ᠺᠣᠮᠫᠠᠨᠢ ᠶᠢᠨ ᠲᠣᠯᠣᠭᠠᠢ《Hanjin》 ᠭᠷᠦ᠋ᠫ《Asiana Airlines》ᠺᠣᠮᠫᠠᠨᠢ ᠶᠢ ᠮᠥᠨ ᠡᠩᠨᠡᠭᠡᠨ ᠳᠦ ᠪᠡᠨ ᠨᠢᠭᠡᠳᠬᠡᠳᠡᠭ ᠪᠠᠢᠨ᠎ᠠ᠃
ᠠᠩᠬ᠎ᠠ 《Hanjin》ᠭᠷᠦ᠋ᠫ ᠨᠡᠢᠭᠡᠮ ᠤᠨ ᠬᠠᠷᠢᠭᠤᠴᠠᠯᠭ᠎ᠠ ᠶᠢᠨ ᠬᠦᠷᠢᠶᠡᠨ ᠳᠦ ᠪᠠᠭᠠᠨᠠᠭᠤᠷ ᠳᠡᠭᠦᠷᠭᠡ ᠶᠢᠨ ᠢᠷᠭᠡᠳ ᠢ ᠮᠣᠩᠭᠣᠯ ᠤᠨ ᠬᠠᠮᠤᠭ ᠤᠨ ᠲᠣᠮᠣ ᠨᠡᠭᠦᠷᠡᠰᠦᠨ ᠦ ᠢᠯᠡ ᠠᠭᠤᠷᠬᠠᠢ ᠶᠢᠨ ᠲᠣᠭᠣᠰᠣᠨ ᠠᠴᠠ ᠬᠠᠮᠠᠭᠠᠯᠠᠬᠤ ᠶᠢᠨ ᠲᠤᠯᠠᠳᠠ 《Korean Air Forest》ᠲᠥᠰᠥᠯ ᠢ 2004 ᠣᠨ ᠳᠤ ᠡᠬᠢᠯᠡᠭᠦᠯᠵᠡᠢ᠃ ᠤᠯᠠᠮ ᠢᠶᠠᠷ ᠵᠢᠯ ᠪᠦᠷᠢ 100-200 ᠠᠵᠢᠯᠲᠠᠨ ᠢᠷᠡᠵᠦ ᠮᠣᠳᠣ ᠲᠠᠷᠢᠳᠠᠭ ᠪᠠᠢᠭᠰᠠᠨ ᠴᠤ ᠴᠠᠷ᠎ᠠ ᠲᠠᠬᠤᠯ ᠤᠨ ᠤᠯᠠᠮ ᠠᠴᠠ ᠳᠥᠷᠪᠡᠨ ᠵᠢᠯ ᠵᠠᠪᠰᠠᠷᠯᠠᠭᠠᠳ ᠥᠩᠭᠡᠷᠡᠭᠰᠡᠨ ᠣᠨ ᠤ ᠲᠠᠪᠤᠳᠤᠭᠠᠷ ᠰᠠᠷ᠎ᠠ ᠳᠤ 112ᠬᠥᠮᠥᠨ ᠢᠷᠡᠵᠦ ᠮᠣᠳᠣ ᠲᠠᠷᠢᠨ 20 ᠵᠢᠯ ᠦᠨ ᠣᠢ ᠶᠢ ᠪᠠᠨ ᠲᠡᠮᠳᠡᠭᠯᠡᠭᠰᠡᠨ ᠶᠤᠮ᠃ ᠣᠳᠣ ᠪᠠᠷ ᠲᠡᠳᠡ ᠬᠣᠶᠠᠷ ᠺᠢᠯᠤᠮᠧᠲᠷ ᠤᠷᠲᠤ᠂ 222 ᠮᠧᠲ᠋ᠷ ᠥᠷᠭᠡᠨ ᠲᠥᠭᠡᠯ ᠳᠦ ᠪᠡᠨ ᠤᠯᠢᠶᠠᠰᠤ᠂ ᠴᠢᠴᠠᠷᠭᠠᠨ᠎ᠠ ᠶᠢᠨ ᠮᠣᠳᠣ᠂ ᠰᠢᠪᠢᠷᠢ ᠬᠠᠢᠯᠠᠰᠤ ᠵᠡᠷᠭᠡ 12 ᠵᠦᠢᠯ ᠦᠨ 125300 ᠮᠣᠳᠣ ᠲᠠᠷᠢᠭᠠᠳ ᠪᠠᠢᠨ᠎ᠠ᠃