ᠧᠦ᠋ᠷᠣᠫᠠ ᠶᠢᠨ ᠥᠬᠢᠳ ᠤᠨ ᠮᠠᠲ᠋ᠧᠮᠠᠲ᠋ᠢᠺ ᠤᠨ 14 ᠳ᠋ᠡᠬᠢ ᠤᠳᠠᠭ᠎ᠠ ᠶᠢᠨ ᠣᠯᠢᠮᠫᠢᠶᠠᠳ᠋ ᠺᠤᠰᠤᠸᠤ᠋ ᠤᠯᠤᠰ ᠲᠤ ᠡᠨᠡ ᠰᠠᠷ᠎ᠠ ᠶᠢᠨ 12 ᠤ ᠡᠳᠦᠷ ᠨᠡᠭᠡᠭᠡᠯᠲᠡ ᠪᠡᠨ ᠬᠢᠯ᠎ᠡ᠃ ᠣᠯᠢᠮᠫᠢᠶᠠᠳ᠋ ᠲᠤ ᠮᠠᠨ ᠤ ᠤᠯᠤᠰ ᠠᠴᠠ《ᠡᠷᠳᠡᠮ ᠦᠨ ᠬᠡᠰᠢᠭ》 ᠰᠤᠷᠭᠠᠭᠤᠯᠢ ᠶᠢᠨ ᠰᠤᠷᠤᠭᠴᠢ ᠨ ∙ ᠪᠣᠯᠣᠷ᠂ 《ᠣᠷᠴᠢᠯᠠᠩ》 ᠰᠤᠷᠭᠠᠭᠤᠯᠢ ᠶᠢᠨ ᠰᠤᠷᠤᠭᠴᠢ ᠠ᠊ ∙ ᠮᠢᠰᠢᠶᠡᠯ᠂ 11 ᠳ᠋ᠤᠭᠡᠷ ᠰᠤᠷᠭᠠᠭᠤᠯᠢ ᠶᠢᠨ ᠰᠤᠷᠤᠭᠴᠢ ᠠ᠊ ∙ ᠠᠨᠤ᠂ ᠥᠪᠦᠷᠬᠠᠩᠭᠠᠢ ᠠᠢᠮᠠᠭ ᠤᠨ 《ᠬᠠᠷᠠᠬᠣᠷᠢᠨ》 ᠭᠦᠨᠵᠡᠭᠡᠢᠷᠡᠭᠦᠯᠦᠭᠰᠡᠨ ᠰᠤᠷᠭᠠᠯᠲᠠ ᠲᠠᠢ ᠰᠤᠷᠭᠠᠭᠤᠯᠢ ᠶᠢᠨ ᠰᠤᠷᠤᠭᠴᠢ ᠪ ∙ ᠣᠶᠤᠨᠪᠢᠯᠢᠭ ᠨᠠᠷ ᠣᠷᠣᠯᠴᠠᠵᠤ ᠪᠠᠢᠨ᠎ᠠ᠃
ᠲᠤᠰ ᠣᠯᠢᠮᠫᠢᠶᠠᠳ᠋ 13 ᠳᠠᠬᠢ ᠤᠳᠤᠭ᠎ᠠ ᠪᠠᠨ ᠥᠩᠭᠡᠷᠡᠭᠰᠡᠨ ᠣᠨ ᠳᠤ ᠭᠷᠦᠽᠢᠶ᠎ᠡ ᠤᠯᠤᠰ ᠲᠤ ᠣᠷᠬᠣᠨ ᠠᠢᠮᠠᠭ ᠤᠨ 《ᠡᠷᠳᠡᠮ ᠦᠨ ᠰᠠᠩ》 ᠰᠤᠷᠭᠠᠭᠤᠯᠢ ᠶᠢᠨ ᠰᠤᠷᠤᠭᠴᠢ ᠡ᠊ ∙ ᠡᠩᠬᠡᠵᠢᠨ᠂ ᠨᠡᠢᠰᠯᠡᠯ ᠦᠨ 《ᠰᠢᠨ᠎ᠡ-ᠦᠶ᠎ᠡ》 ᠰᠤᠷᠭᠠᠭᠤᠯᠢ ᠶᠢᠨ ᠰᠤᠷᠤᠭᠴᠢ ᠮ ∙ ᠠᠮᠢᠨ-ᠡᠷᠳᠡᠨᠢ ᠨᠠᠷ ᠬᠦᠷᠡᠯ ᠮᠧᠳᠠᠯ ᠬᠦᠷᠲᠡᠭᠰᠡᠨ ᠪᠣᠯ ᠨᠡᠢᠰᠯᠡᠯ ᠦᠨ I ᠰᠤᠷᠭᠠᠭᠤᠯᠢ ᠶᠢᠨ ᠰᠤᠷᠤᠭᠴᠢ ᠭ ∙ ᠳᠥᠯᠥᠭᠡᠨ ᠮᠥᠩᠭᠥᠨ ᠮᠧᠳᠠᠯ ᠬᠦᠷᠢᠲᠦᠵᠦ ᠪᠠᠢᠪᠠ᠃ ᠮᠥᠨ ᠮᠣᠩᠭᠣᠯ ᠬᠡᠦᠬᠡᠳ ᠦᠳ ᠪᠠᠭ᠎ᠠ ᠪᠠᠷ ᠢᠶᠠᠨ 69 ᠣᠨᠣᠭ᠎ᠠ ᠠᠪᠴᠤ 23 ᠳ᠋ᠤᠭᠠᠷ ᠪᠠᠢᠷᠢᠨ ᠳᠤ ᠵᠢᠭᠰᠠᠭᠰᠠᠨ ᠪᠢᠯᠡ᠃ ᠠᠩᠭᠯᠢ ᠶᠢᠨ ᠺᠡᠮᠪᠷᠢᠵ ᠲᠦ ᠠᠩᠬ᠎ᠠ 2012 ᠣᠨ ᠳᠤ ᠪᠣᠯᠤᠭᠰᠠᠨ ᠡᠨᠡ ᠣᠯᠢᠮᠫᠢᠶᠠᠳ᠋ ᠤᠨ ᠲᠡᠦᠬᠡᠨ ᠳᠦ ᠮᠣᠩᠭᠣᠯᠴᠤᠳ ᠬᠣᠶᠠᠷ ᠮᠥᠩᠭᠥ᠂ ᠶᠢᠰᠦᠨ ᠬᠦᠷᠡᠯ ᠮᠧᠳᠠᠯ ᠠᠪᠤᠭᠰᠠᠨ ᠢᠶᠠᠷ ᠮᠧᠳᠠᠯ ᠲᠠᠢ 62 ᠣᠷᠣᠨ ᠠᠴᠠ 43 ᠳᠦ ᠵᠢᠭᠰᠠᠵᠤ ᠪᠠᠢᠨ᠎ᠠ᠃