ᠨᠡᠢᠲᠡ ᠨᠤᠲᠤᠭ ᠤᠨ 80 ᠣᠷᠴᠢᠮ ᠬᠤᠪᠢ ᠳᠤ ᠤᠷᠭᠤᠮᠠᠯ ᠴᠤᠬᠤᠢᠭ᠎ᠠ ᠦᠭᠡᠢ ᠪᠠᠢᠨ᠎ᠠ | News.MN

ᠨᠡᠢᠲᠡ ᠨᠤᠲᠤᠭ ᠤᠨ 80 ᠣᠷᠴᠢᠮ ᠬᠤᠪᠢ ᠳᠤ ᠤᠷᠭᠤᠮᠠᠯ ᠴᠤᠬᠤᠢᠭ᠎ᠠ ᠦᠭᠡᠢ ᠪᠠᠢᠨ᠎ᠠ

ᠮᠣᠩᠭᠣᠯ ᠣᠷᠣᠨ ᠤ ᠨᠡᠢᠲᠡ ᠨᠤᠲᠤᠭ ᠤᠨ 80 ᠣᠷᠴᠢᠮ ᠬᠤᠪᠢ ᠳᠤ ᠪᠡᠯᠴᠢᠭᠡᠷ ᠦᠨ ᠤᠷᠭᠤᠮᠠᠯ ᠴᠤᠬᠤᠢᠭ᠎ᠠ ᠦᠭᠡᠢ ᠪᠠᠢᠨ᠎ᠠ᠃ ᠬᠣᠪᠳᠣ᠂ ᠵᠠᠪᠬᠠᠨ᠂ ᠡᠮᠦᠨᠡᠭᠣᠪᠢ᠂ ᠳᠤᠮᠳᠠᠭᠣᠪᠢ ᠶᠢᠨ ᠵᠠᠷᠢᠮ᠂ ᠪᠠᠶᠠᠨ-ᠥᠯᠥᠭᠡᠢ᠂ ᠣᠪᠰᠣ᠂ ᠬᠣᠪᠳᠣ᠂ ᠭᠣᠪᠢ-ᠠᠯᠲᠠᠢ᠂ ᠪᠠᠶᠠᠨᠬᠣᠩᠭᠣᠷ᠂ ᠠᠷᠤᠬᠠᠩᠭᠠᠢ᠂ ᠥᠪᠦᠷᠬᠠᠩᠭᠠᠢ᠂ ᠲᠥᠪ᠂ ᠳᠣᠷᠣᠨᠠᠭᠣᠪᠢ ᠶᠢᠨ ᠭᠠᠭᠴᠠ ᠨᠢᠭᠡ ᠰᠤᠮᠤ ᠶᠢᠨ ᠨᠤᠲᠤᠭ ᠢᠶᠠᠷ ᠡᠨᠡ ᠰᠠᠷ᠎ᠠ ᠶᠢᠨ 10 ᠤ ᠪᠠᠢᠳᠠᠯ ᠢᠶᠠᠷ ᠤᠷᠭᠤᠮᠠᠯ ᠴᠤᠬᠤᠢᠭᠰᠠᠨ ᠴᠤ ᠮᠠᠯ ᠪᠡᠯᠴᠢᠭᠡᠬᠦ ᠪᠣᠯᠤᠮᠵᠢ ᠦᠭᠡᠢ ᠪᠠᠢᠭ᠎ᠠ᠃

ᠪᠤᠯᠠᠭᠠᠨ᠂ ᠰᠡᠯᠡᠩᠭᠡ ᠶᠢᠨ ᠶᠡᠬᠡᠩᠬᠢ᠂ ᠬᠣᠪᠳᠣ᠂ ᠭᠣᠪᠢ-ᠠᠯᠲᠠᠢ᠂ ᠲᠥᠪ᠂ ᠡᠮᠦᠨᠡᠭᠣᠪᠢ ᠶᠢᠨ ᠴᠥᠭᠡᠨ ᠰᠤᠮᠤ ᠶᠢᠨ ᠨᠤᠲᠤᠭ ᠢᠶᠠᠷ ᠳᠤᠮᠳᠠ ᠵᠡᠷᠭᠡ ᠶᠢᠨ᠂ ᠳᠠᠷᠬᠠᠨ-ᠠᠭᠤᠯᠠ᠂ ᠡᠮᠦᠨᠡᠭᠣᠪᠢ᠂ ᠳᠣᠷᠣᠨᠠᠲᠤ ᠶᠢᠨ ᠵᠠᠷᠢᠮ᠂ ᠬᠥᠪᠰᠥᠭᠥᠯ᠂ ᠪᠤᠯᠠᠭᠠᠨ᠂ ᠲᠥᠪ ᠠᠢᠮᠠᠭ ᠤᠨ ᠭᠠᠭᠴᠠ ᠨᠢᠭᠡ ᠰᠤᠮᠤ ᠶᠢᠨ ᠨᠤᠲᠤᠭ ᠢᠶᠠᠷ ᠤᠷᠭᠤᠮᠠᠯ ᠬᠡᠪ ᠦᠨ ᠤᠷᠭᠤᠭᠰᠠᠨ ᠢ ᠤᠰᠤ ᠴᠠᠭ ᠠᠭᠤᠷ᠂ ᠣᠷᠴᠢᠨ ᠤ ᠰᠤᠳᠤᠯᠭ᠎ᠠ ᠮᠡᠳᠡᠭᠡᠯᠡᠯ ᠦᠨ ᠬᠦᠷᠢᠶᠡᠯᠡᠩ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ