ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠢᠣᠯᠣᠭᠢ ᠶᠢᠨ ᠠᠩᠬᠢ ᠶᠢᠨ ᠮᠠᠭᠢᠰᠲ᠋ᠷ ᠳ ∙ ᠮᠥᠩᠬᠡᠲᠤᠯᠭ᠎ᠠ ᠮᠣᠩᠭᠣᠯ ᠳᠤ ᠤᠷᠭᠤᠳᠠᠭ ᠬᠤᠨᠴᠢᠷ ᠤᠨ ᠭᠤᠷᠪᠠᠨ ᠰᠢᠨ᠎ᠡ ᠵᠦᠢᠯ ᠢ ᠳᠡᠯᠡᠬᠡᠢ ᠶᠢᠨ ᠤᠷᠭᠤᠮᠠᠯ ᠤᠨ ᠠᠢᠮᠠᠭ ᠲᠤ ᠪᠦᠷᠢᠳᠬᠡᠭᠦᠯᠦᠯᠡ᠃ ᠲᠡᠷᠡᠪᠡᠷ ᠡᠬᠢᠨ ᠦ ᠰᠢᠨ᠎ᠡ ᠵᠦᠢᠯ ᠢᠶᠡᠨ ᠪᠠᠭᠰᠢ ᠪ ∙ ᠣᠶᠤᠨᠴᠡᠴᠡᠭ ᠦᠨ ᠨᠡᠷ᠎ᠡ ᠪᠡᠷ ᠪᠤᠶᠤ ᠣᠶᠤᠨᠠᠭ ᠤᠨ ᠬᠤᠨᠴᠢᠷ︵Astragalus oyunicus︶ᠬᠡᠮᠡᠨ ᠪᠦᠷᠢᠳᠬᠡᠭᠦᠯᠦᠭᠰᠡᠨ ᠶᠤᠮ᠃
ᠳᠠᠷᠠᠭ᠎ᠠ ᠶᠢᠨ ᠰᠢᠨ᠎ᠡ ᠵᠦᠢᠯ ᠢ ᠮᠥᠨ ᠪᠠᠭᠰᠢ ᠪ ∙ ᠣᠶᠤᠨᠴᠡᠴᠡᠭ᠂ ᠱ ∙ ᠪᠠᠰᠠᠩᠮᠥᠢᠩᠬᠡ᠂ ᠬ ∙ ᠬᠠᠯᠢᠭᠤᠨ ᠢᠶᠠᠨ ᠨᠠᠷ ᠤᠨ ᠬᠠᠮᠲᠤ ᠪᠤᠯᠠᠭᠠᠨ ᠠᠢᠮᠠᠭ ᠤᠨ ᠲᠡᠰᠢᠭ ᠰᠤᠮᠤ ᠠᠴᠠ 2018 ᠣᠨ ᠳᠤ ᠲᠡᠭᠦᠵᠦ᠂ ᠥᠩᠭᠡᠷᠡᠭᠰᠡᠨ ᠣᠨ ᠳᠤ ᠳ᠋ᠣᠺᠲ᠋ᠣᠷ ᠱ ∙ ᠪᠠᠰᠠᠩᠮᠥᠢᠩᠬᠡ ᠲᠡᠢ ᠲᠣᠳᠣᠷᠬᠠᠢᠯᠠᠭᠠᠳ ᠵᠦᠢᠯ ᠦᠨ ᠨᠡᠷ᠎ᠡ ᠶᠢ Astragalus teshigicus ᠪᠤᠶᠤ ᠲᠡᠰᠢᠭ ᠤᠨ ᠬᠤᠨᠴᠢᠷ ᠬᠡᠮᠡᠵᠡᠢ᠃ ᠬᠠᠷᠢᠨ ᠭᠤᠷᠪᠠᠳᠠᠬᠢ ᠵᠦᠢᠯ ᠢ 2021 ᠣᠨ ᠤ ᠵᠢᠷᠭᠤᠳᠤᠭᠠᠷ ᠰᠠᠷ᠎ᠠ ᠳᠤ ᠣᠪᠰᠣ ᠠᠢᠮᠠᠭ ᠤᠨ ᠮᠠᠯᠴᠢᠨ ᠰᠤᠮᠤ ᠠᠴᠠ ᠲᠡᠭᠦᠨ ᠴᠤᠭᠯᠠᠭᠤᠯᠤᠭᠰᠠᠨ ᠪᠣᠯ ᠥᠩᠭᠡᠷᠡᠭᠰᠡᠨ ᠣᠨ ᠳᠤ ᠲᠣᠳᠣᠷᠬᠠᠢᠯᠠᠯᠲᠠ ᠬᠢᠵᠦ᠂ ᠵᠦᠢᠯ ᠦᠨ ᠨᠡᠷ᠎ᠡ ᠶᠢ Astragalus uvsicus ᠪᠤᠶᠤ ᠣᠪᠰᠣ ᠶᠢᠨ ᠬᠤᠨᠴᠢᠷ ᠬᠡᠮᠡᠨ ᠨᠡᠷᠡᠯᠡᠵᠡᠢ᠃ ᠬᠤᠨᠴᠢᠷ (Astragalus L.) ᠨᠢ 3100 ᠣᠷᠴᠢᠮ ᠵᠦᠢᠯ ᠲᠡᠢ ᠳᠡᠯᠡᠬᠡᠢ ᠶᠢᠨ ᠬᠠᠮᠤᠭ ᠤᠨ ᠲᠣᠮᠣ ᠲᠥᠷᠥᠯ ᠶᠤᠮ᠃ ᠮᠠᠨ ᠤ ᠤᠯᠤᠰ ᠲᠤ ᠣᠳᠣ ᠪᠠᠷ 130 ᠵᠦᠢᠯ ᠪᠦᠷᠢᠳᠬᠡᠭᠳᠡᠭᠰᠡᠨ ᠡᠴᠡ 15 ᠨᠢ ᠤᠨᠠᠭᠠᠨ ᠤᠷᠭᠤᠮᠠᠯ ᠳᠤ ᠲᠣᠭᠠᠴᠠᠭᠳᠠᠳᠠᠭ ᠠᠵᠡᠢ᠃