ᠤᠷᠠᠯᠢᠭ ᠰᠤᠳᠤᠯᠤᠯ ᠤᠨ ᠤᠬᠠᠭᠠᠨ ᠤ ᠳ᠋ᠣᠺᠲ᠋ᠣᠷ᠂ ᠫᠷᠣᠹᠧᠰᠰᠣᠷ᠂ ᠵᠢᠷᠤᠭᠠᠴᠢ᠂ ᠤᠷᠠᠨ ᠪᠠᠷᠢᠮᠠᠯᠴᠢ ᠰ ∙ ᠪᠠᠳᠠᠷᠠᠯ ᠤᠨ ᠬᠤᠪᠢ ᠶᠢᠨ ᠴᠤᠭᠯᠠᠭᠤᠯᠭ᠎ᠠ ᠪᠠᠷ ᠪᠠᠢᠭᠤᠯᠤᠭᠰᠠᠨ 《ᠴᠢᠩᠭᠢᠰ᠂ ᠮᠣᠩᠭᠣᠯ ᠥᠪ ᠰᠤᠶᠤᠯ》 ᠮᠦᠽᠧᠢ ᠶᠢᠨ ᠰᠠᠩ ᠬᠥᠮᠥᠷᠭᠡ ᠡᠴᠡ ᠰᠤᠳᠤᠷ ᠨᠣᠮ᠂ ᠰᠣᠶᠣᠮᠪᠣ ᠦᠰᠦᠭ ᠦᠨ ᠳᠤᠷᠠᠰᠬᠠᠯ᠂ ᠵᠠᠨᠯᠠᠪ ᠴᠣᠭᠵᠢᠯ ᠰᠤᠳᠤᠷ ᠤᠨ ᠬᠠᠭᠤᠯᠪᠤᠷᠢ᠂ ᠬᠥᠷᠥᠭ ᠵᠢᠷᠤᠭ ᠪᠣᠯᠤᠨ ᠪᠤᠷᠬᠠᠨ ᠤ ᠱᠠᠰᠢᠨ ᠲᠠᠢ ᠬᠣᠯᠪᠣᠭ᠎ᠠ ᠲᠠᠢ ᠮᠢᠩᠭ᠎ᠠ ᠣᠷᠴᠢᠮ ᠪᠠᠶᠡᠲᠦ ᠦᠵᠡᠮᠦᠷᠢ ᠶᠢ ᠳᠡᠯᠭᠡᠭᠡᠳ ᠪᠠᠢᠨ᠎ᠠ᠃
ᠰ ∙ ᠪᠠᠳᠠᠷᠠᠯ ᠶᠠᠷᠢᠬᠤ ᠳᠤ ᠪᠠᠨ᠄《ᠡᠳᠡᠭᠡᠷ ᠦᠵᠡᠮᠦᠷᠢ ᠶᠢ ᠳᠡᠭᠡᠷ᠎ᠡ ᠵᠠᠭᠤᠨ ᠤ ᠨᠠᠶᠠᠭᠠᠳ ᠣᠨ ᠤ ᠰᠡᠭᠦᠯᠴᠢ ᠡᠴᠡ 30 ᠭᠠᠷᠤᠢ ᠵᠢᠯ ᠴᠤᠭᠯᠠᠭᠤᠯᠤᠭᠰᠠᠨ᠃ ᠮᠢᠨᠦ ᠠᠩᠬᠠᠨ ᠤ ᠴᠤᠭᠯᠠᠭᠤᠯᠭ᠎ᠠ ᠳᠡᠨᠵᠢ ᠶᠢᠨ ᠮᠢᠩᠭ᠎ᠠ ᠵᠠᠬ᠎ᠠ ᠠᠴᠠ ᠠᠪᠤᠭᠰᠠᠨ ᠬᠦᠷᠡᠯ᠂ ᠲᠡᠮᠦᠷ ᠢᠶᠡᠷ ᠬᠢᠭᠰᠡᠨ ᠬᠠᠰ ᠶᠤᠮ᠃ ᠡᠨᠡ ᠨᠢ ᠰᠢᠷᠦᠨ ᠡᠷᠢᠬᠡᠨ ᠦ ᠪᠥᠭᠡᠷ᠎ᠡ᠂ ᠬᠤᠪ᠂ ᠮᠠᠯ ᠠᠮᠢᠲᠠᠨ ᠪᠣᠯᠤᠨ ᠰᠢᠲᠠᠷ᠎ᠠ ᠶᠢᠨ ᠰᠡᠢᠯᠪᠦᠷᠢ᠂ ᠠᠪᠳᠠᠷ᠎ᠠ ᠭᠡᠵᠦ ᠶᠠᠪᠤᠭᠰᠠᠭᠠᠷ ᠠᠷᠪᠢᠵᠢᠭᠰᠠᠨ᠃
ᠲᠤᠬᠠᠢᠯᠠᠪᠠᠯ᠂ ᠥᠨᠳᠥᠷ ᠭᠡᠭᠡᠨ ᠦ ᠲᠠᠷᠨᠢ ᠤᠩᠰᠢᠯᠭ᠎ᠠ ᠲᠠᠢ ᠠᠷᠪᠠᠢ ᠶᠢᠨ ᠭᠤᠯᠢᠷ ᠢᠶᠠᠷ ᠪᠦᠲᠦᠭᠡᠭᠰᠡᠨ ᠬᠣᠨᠢ᠂ ᠯᠠᠮᠠ ᠶᠢᠨ ᠭᠡᠭᠡᠨ ᠦ ᠱᠠᠪᠢ᠂ ᠡᠪᠦᠭᠡ ᠳᠡᠭᠡᠳᠦᠰ ᠦᠨ ᠮᠢᠨᠢ ᠪᠤᠶᠠᠨ ᠬᠡᠰᠢᠭ ᠦᠨ ᠰᠠᠪᠠ᠂ ᠽᠠᠨᠳᠠᠨ ᠬᠤᠪᠢᠩ᠂ ᠮᠣᠳᠣᠨ ᠬᠣᠪᠳᠣ᠂ ᠮᠥᠨ ᠨᠠᠭᠠᠴᠤ ᠪᠤᠭᠤᠷᠤᠯ ᠠᠪᠤ ᠭ ∙ ᠫᠷᠯᠢᠵᠠᠮᠰᠤ ᠠᠴᠠ ᠦᠶ᠎ᠡ ᠳᠠᠮᠵᠢᠵᠤ ᠥᠪᠯᠡᠭᠰᠡᠨ ᠳᠤᠷᠠᠰᠬᠠᠯ ᠤᠳ ᠴᠤ ᠪᠤᠢ》 ᠬᠡᠮᠡᠪᠡ᠃