ᠣᠷᠬᠣᠨ ᠠᠢᠮᠠᠭ ᠲᠤ ᠠᠩᠬ᠎ᠠ ᠤᠳᠠᠭ᠎ᠠ ᠰᠠᠭᠰᠤᠨ ᠪᠥᠮᠪᠥᠭᠡ ᠶᠢᠨ U18 ᠨᠠᠰᠤᠨ ᠤ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠵᠤ ᠥᠴᠥᠭᠡᠳᠦᠷ ᠰᠢᠯᠢᠳᠡᠭ ᠪᠠᠭ᠂ ᠲᠠᠮᠢᠷᠴᠢᠳ ᠢ ᠲᠣᠳᠣᠷᠠᠭᠤᠯᠤᠯ᠎ᠠ᠃ ᠲᠡᠮᠡᠴᠡᠭᠡᠨ ᠳᠦ 36 ᠪᠠᠭ ᠤᠨ 560 ᠭᠠᠷᠤᠢ ᠲᠠᠮᠢᠷᠴᠢᠨ᠂ ᠪᠠᠭᠰᠢ ᠳᠠᠰᠬᠠᠯᠵᠢᠭᠤᠯᠤᠭᠴᠢ ᠨᠠᠷ ᠬᠦᠷᠦᠯᠴᠡᠨ ᠢᠷᠡᠵᠦ᠂ ᠲᠡᠮᠡᠴᠡᠭᠡᠨ ᠲᠠᠪᠤᠨ ᠡᠳᠦᠷ ᠠᠮᠵᠢᠯᠲᠠ ᠲᠠᠢ ᠦᠷᠭᠦᠯᠵᠢᠯᠡᠵᠦ ᠳ᠋ᠦᠩ ᠢᠶᠡᠨ ᠭᠠᠷᠭᠠᠯ᠎ᠠ᠃
ᠤᠭ ᠲᠡᠮᠡᠴᠡᠭᠡᠨ ᠦ ᠰᠢᠯᠢᠳᠡᠭ ᠪᠠᠭ ᠢᠶᠠᠷ Modun Wolves᠂ BCH Knights ᠡᠷᠳᠡᠨᠢᠲᠦ-18᠂ ᠥᠰᠪᠦᠷᠢ ᠦᠶ᠎ᠡ ᠶᠢᠨ ᠥᠬᠢᠳ ᠤᠨ U18 ᠨᠠᠰᠤᠨ ᠤ ᠠᠩᠭᠢᠯᠠᠯ ᠳᠤ Royal Pirates᠂ ᠠᠯᠳᠠᠷ TG U17᠂ ᠣᠶᠤᠨ ᠤ ᠤᠨᠳᠤᠷᠤᠭ᠎ᠠ ᠪᠠᠭ ᠤᠳ ᠲᠡᠷᠢᠭᠦᠯᠡᠯ᠎ᠡ᠃