ᠬᠣᠩᠺᠣᠩ ᠳᠦ ᠪᠣᠯᠤᠭᠰᠠᠨ ᠲᠡᠷᠭᠡᠨᠴᠢᠷ ᠲᠡᠢ ᠰᠡᠯᠡᠮᠡᠨ ᠦ ᠣᠯᠠᠨ ᠤᠯᠤᠰ ᠤᠨ ᠲᠡᠮᠡᠴᠡᠭᠡᠨ ᠡᠴᠡ ᠪ ∙ ᠳᠠᠸᠠᠰᠦ᠋ᠷᠦᠩ ᠮᠥᠩᠭᠥᠨ ᠮᠧᠳᠠᠯ ᠠᠪᠴᠠᠢ᠃ ᠲᠤᠰ ᠲᠡᠮᠡᠴᠡᠭᠡᠨ ᠳᠦ ᠠᠷᠭᠧᠨᠲ᠋ᠢᠨ᠂ ᠮᠠᠺᠤ᠂ ᠮᠣᠩᠭᠣᠯ᠂ ᠲᠠᠢᠸᠠᠨ᠂ ᠬᠣᠩᠺᠣᠩ᠂ ᠡᠨᠡᠳᠬᠡᠭ᠂ ᠶᠠᠫᠣᠨ ᠤ 70 ᠣᠷᠴᠢᠮ ᠲᠠᠮᠢᠷᠴᠢᠨ ᠥᠷᠢᠰᠦᠯᠳᠦᠭᠰᠡᠨ ᠪᠥᠭᠡᠳ ᠮᠠᠨ ᠤ ᠤᠯᠤᠰ ᠠᠴᠠ ᠡᠷᠡᠭᠲᠡᠢᠴᠦᠳ ᠦᠨ ᠬᠦᠨᠳᠦ ᠰᠡᠯᠡᠮᠡᠨ ᠦ ᠬᠣᠶᠠᠷ ᠲᠠᠮᠢᠷᠴᠢᠨ ᠣᠷᠣᠯᠴᠠᠭᠰᠠᠨ ᠪᠠᠢᠨ᠎ᠠ᠃
ᠲᠡᠳᠡᠨ ᠡᠴᠡ 《ᠸ》 ᠠᠩᠭᠢᠯᠠᠯ ᠳᠤ ᠥᠷᠢᠰᠦᠯᠳᠦᠭᠰᠡᠨ ᠪ ∙ ᠳᠠᠸᠠᠰᠦ᠋ᠷᠦᠩ ᠮᠥᠩᠭᠥᠨ ᠮᠧᠳᠠᠯ ᠢᠶᠠᠷ ᠡᠩᠭᠡᠷ ᠢᠶᠡᠨ ᠮᠢᠯᠢᠶᠠᠭᠰᠠᠨ ᠪᠠᠢᠨ᠎ᠠ᠃ ᠲᠡᠭᠡᠪᠡᠯ 《ᠠ᠊》 ᠠᠩᠭᠢᠯᠠᠯ ᠳᠤ ᠪ ∙ᠵᠢᠭ᠍ᠮᠡᠳᠳᠤᠷᠵᠢ ᠰᠢᠪᠦᠭᠡ ᠶᠢᠨ ᠨᠠᠢᠮᠠ ᠳᠤ ᠰᠢᠯᠭᠠᠷᠠᠭᠰᠠᠨ ᠠᠮᠵᠢᠯᠲᠠ ᠲᠠᠢ ᠪᠠᠷ ᠡᠨᠡ ᠤᠳᠠᠭ᠎ᠠ ᠶᠢᠨ ᠲᠡᠮᠡᠴᠡᠭᠡᠨ ᠢᠶᠡᠨ ᠥᠨᠳᠦᠷᠯᠡᠭᠦᠯᠪᠡ᠃