ᠣᠯᠠᠨ ᠤᠯᠤᠰ ᠤᠨ ᠰᠠᠭᠰᠤᠨ ᠪᠥᠮᠪᠥᠭᠡ ᠶᠢᠨ ᠬᠣᠯᠪᠣᠭᠠᠨ ᠤ ᠡᠮᠡᠭᠲᠡᠢ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ 《ᠠ᠊》ᠪᠣᠯᠤᠨ 《ᠸ》ᠳ᠋ᠢᠸᠢᠽᠣᠨ ᠳᠤ ᠬᠤᠪᠢᠶᠠᠭᠳᠠᠨ ᠵᠣᠬᠢᠶᠠᠨ ᠪᠠᠢᠭᠤᠯᠤᠭᠳᠠᠳᠠᠭ᠃ ᠥᠩᠭᠡᠷᠡᠭᠴᠢ ᠠᠮᠠᠷᠠᠯᠲᠠ ᠶᠢᠨ ᠡᠳᠦᠷ ᠦᠳ ᠲᠦ ᠮᠣᠩᠭᠣᠯ ᠳᠤ《ᠸ》ᠳ᠋ᠢᠸᠢᠽᠣᠨ ᠤ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠵᠡᠭᠦᠨ ᠪᠥᠰᠡ ᠶᠢᠨ ᠤᠷᠢᠳᠴᠢᠯᠠᠭᠰᠠᠨ ᠱᠠᠲᠤᠨ ᠤ ᠲᠣᠭᠯᠠᠯᠲᠠ ᠪᠣᠯᠵᠤ᠂ ᠨᠢᠭᠡ ᠪᠠᠭ ᠰᠢᠭᠰᠢᠭᠡ ᠲᠣᠭᠯᠠᠯᠲᠠ ᠳᠤ ᠤᠷᠤᠯᠴᠠᠬᠤ ᠡᠷᠬᠡ ᠶᠢ ᠠᠪᠤᠭᠰᠠᠨ ᠶᠤᠮ᠃
ᠬᠣᠩᠺᠣᠩ᠂ ᠲᠠᠢᠸᠠᠨ ᠪᠣᠯᠤᠨ ᠮᠣᠩᠭᠣᠯ ᠤᠨ ᠡᠮᠡᠭᠲᠡᠢ ᠪᠠᠭ ᠤᠨ ᠰᠢᠭᠰᠢᠭᠡ ᠲᠣᠭᠯᠠᠯᠲᠠ ᠨᠤᠭᠤᠳ 《М Банк Арена》 ᠳᠦ ᠪᠣᠯᠵᠤ᠂ 《ᠸ》ᠳ᠋ᠢᠸᠢᠽᠣᠨ ᠤ ᠠᠪᠤᠷᠭᠤ ᠪᠠᠭ ᠲᠣᠳᠣᠷᠠᠯ᠎ᠠ᠃ ᠡᠨᠡ ᠬᠡᠰᠡᠭ ᠡᠴᠡ ᠲᠠᠢᠸᠠᠨ ᠤ ᠪᠠᠭ ᠬᠣᠶᠠᠷ ᠬᠣᠵᠢᠯ ᠲᠠᠢ ᠲᠡᠷᠢᠭᠦᠯᠡᠭᠰᠡᠨ ᠪᠣᠯ ᠮᠣᠩᠭᠣᠯ ᠤᠨ ᠪᠠᠭ ᠨᠢᠭᠡ ᠬᠣᠵᠢᠯ ᠲᠠᠢ ᠤᠳᠠᠭᠠᠯᠠᠯ᠎ᠠ᠃ ᠮᠠᠨ ᠤ ᠤᠯᠤᠰ ᠤᠨ ᠰᠢᠭᠰᠢᠭᠡ ᠪᠠᠭ ᠬᠣᠩᠺᠣᠩ ᠤᠨ ᠪᠠᠭ ᠢ 65᠄57 ᠣᠨᠣᠭ᠎ᠠ ᠪᠠᠷ ᠬᠣᠵᠢᠵᠤ ᠲᠡᠦᠬᠡᠨ ᠢᠯᠠᠯᠲᠠ ᠶᠢ ᠠᠪᠤᠭᠰᠠᠨ ᠶᠤᠮ᠃ ᠡᠨᠡ ᠨᠢ ᠰᠢᠨ᠎ᠡ ᠪᠡᠷ ᠪᠦᠷᠢᠳᠦᠭᠰᠡᠨ ᠰᠢᠭᠰᠢᠭᠡ ᠪᠠᠭ ᠤᠨ ᠠᠩᠬᠠᠨ ᠤ ᠣᠨᠴᠠᠭᠠᠢ ᠬᠣᠵᠢᠯ ᠪᠠᠢᠯ᠎ᠠ᠃