KRAFTON ᠠᠴᠠ ᠵᠣᠬᠢᠶᠠᠵᠤ ᠪᠤᠢ PUBG Mobile ᠤᠨ 2025 ᠣᠨ ᠤ ᠤᠯᠠᠷᠢᠯ ᠤᠨ ᠨᠡᠭᠡᠭᠡᠯᠲᠡ᠂ 1.4 ᠲᠡᠷᠪᠤᠮ ᠲᠥᠭᠥᠷᠢᠭ ᠤᠨ ᠱᠠᠩᠨᠠᠯ ᠤᠨ ᠰᠠᠩ ᠲᠠᠢ 《PUBG Mobile Global Open 2025》ᠲᠡᠮᠡᠴᠡᠭᠡᠨ ᠦᠽᠪᠧᠺᠰᠲ᠋ᠠᠨ ᠤ ᠨᠡᠢᠰᠯᠡᠯ ᠲᠠᠱᠺᠧᠨᠲ ᠬᠣᠲᠠ ᠳᠤ ᠪᠣᠯᠤᠯ᠎ᠠ᠃
ᠳᠡᠯᠡᠬᠡᠢ ᠶᠢᠨ ᠰᠢᠯᠢᠳᠡᠭ 16 ᠪᠠᠭ ᠬᠣᠶᠠᠷ ᠡᠳᠦᠷ ᠦᠨ ᠲᠤᠷᠰᠢ ᠥᠷᠢᠰᠦᠯᠳᠦᠭᠰᠡᠨ ᠲᠡᠮᠡᠴᠡᠭᠡᠨ ᠳᠦ ᠮᠣᠩᠭᠣᠯ ᠤᠨ 《4Merical Vibes》 ᠪᠠᠭ ᠤᠷᠢᠯᠭ᠎ᠠ ᠪᠠᠷ ᠣᠷᠣᠯᠴᠠᠭᠰᠠᠨ ᠪᠥᠭᠡᠳ ᠪᠠᠭ ᠤᠨ ᠲᠣᠭᠯᠠᠭᠴᠢ ᠤᠤᠭᠠᠨᠪᠠᠶᠠᠷ ᠤᠨ ᠳᠥᠯᠭᠡᠨ ᠲᠡᠮᠡᠴᠡᠭᠡᠨ ᠦ MVP /Most Valuable Player ᠪᠤᠶᠤ ᠰᠢᠯᠢᠳᠡᠭ ᠢᠶᠡᠷ ᠨᠡᠷᠡᠯᠡᠭᠳᠡᠪᠡ᠃ ᠬᠡᠳᠦᠢ ᠲᠡᠷᠡ ᠰᠠᠢᠨ ᠲᠣᠭᠯᠠᠭᠰᠠᠨ ᠴᠤ 4Merical Vibes ᠪᠠᠭ 58 ᠤᠨᠤᠭ᠎ᠠ ᠲᠠᠢ ᠪᠠᠷ 13 ᠳᠦᠭᠡᠷ ᠪᠠᠢᠷᠢ ᠶᠢ ᠡᠵᠡᠯᠡᠭᠰᠡᠨ ᠶᠤᠮ᠃