ᠮᠣᠩᠭᠣᠯ ᠤᠯᠤᠰ ᠤᠨ ᠶᠡᠷᠦᠩᠬᠡᠢᠯᠡᠭᠴᠢ ᠤ᠊ ∙ ᠬᠦᠷᠡᠯᠰᠦ᠋ᠬᠡ ᠶᠢᠨ ᠰᠠᠨᠠᠭᠠᠴᠢᠯᠠᠭ᠎ᠠ ᠪᠠᠷ ᠡᠬᠢᠯᠡᠭᠦᠯᠦᠭᠰᠡᠨ ᠦᠨᠳᠦᠰᠦᠨ ᠦ ᠪᠠᠬᠠᠷᠬᠠᠯᠳᠤ ᠠᠮᠢᠲᠠᠨ ᠮᠠᠵᠠᠭᠠᠯᠠᠢ ᠶᠢ ᠬᠠᠮᠠᠭᠠᠯᠠᠬᠤ ᠴᠣᠭᠴᠠ ᠠᠵᠢᠯ ᠤᠨ ᠬᠦᠷᠢᠶᠡᠨ ᠳᠦ ᠭᠣᠪᠢ ᠶᠢᠨ ᠶᠡᠬᠡ ᠳᠠᠷᠬᠠᠨ ᠴᠠᠭᠠᠵᠠᠲᠤ ᠭᠠᠵᠠᠷ ᠤᠨ ︽ᠠ ︾ᠬᠡᠰᠡᠭ ᠦᠨ ᠬᠠᠮᠠᠭᠠᠯᠠᠯᠲᠠ ᠶᠢᠨ ᠵᠠᠬᠢᠷᠭᠠᠨ ᠤ ᠮᠡᠷᠭᠡᠵᠢᠯᠲᠡᠨ ᠪᠠᠢᠭᠠᠯᠢ ᠬᠠᠮᠠᠭᠠᠯᠠᠭᠴᠢ ᠨᠠᠷ ᠨᠡᠮᠡᠯᠲᠡ ᠲᠡᠵᠢᠭᠡᠯ ᠲᠠᠯᠪᠢᠬᠤ ᠠᠵᠢᠯ ᠢ ᠬᠢᠪᠡ᠃
ᠲᠡᠳᠡ ᠡᠨᠡ ᠣᠨ ᠤ ᠬᠣᠶᠠᠳᠤᠭᠠᠷ ᠰᠠᠷ᠎ᠠ ᠶᠢᠨ 20 ᠡᠴᠡ ᠡᠬᠢᠯᠡᠨ ᠭᠤᠷᠪᠠᠳᠤᠭᠠᠷ ᠰᠠᠷ᠎ᠠ ᠶᠢᠨ 20 ᠬᠦᠷᠲᠡᠯ᠎ᠡ 26 ᠴᠡᠭ ᠲᠦ ᠪᠠᠢᠷᠢᠯᠠᠬᠤ 43 ᠲᠡᠵᠢᠭᠡᠯ ᠦᠨ ᠰᠠᠪᠠᠨ ᠳᠤ 3440 ᠺᠢᠯᠦᠭ᠍ᠷᠠᠮ ᠨᠡᠮᠡᠯᠲᠡ ᠲᠡᠵᠢᠭᠡᠯ ᠢ ᠡᠬᠢᠨ ᠦ ᠡᠭᠡᠯᠵᠢ ᠳᠦ ᠬᠦᠷᠭᠡᠵᠦ᠂ 18 ᠲᠣᠨ ᠲᠡᠵᠢᠭᠡᠯ ᠦᠨ ᠨᠥᠭᠡᠴᠡ ᠶᠢ ᠪᠦᠷᠢᠳᠦᠭᠦᠯᠦᠭᠰᠡᠨ ᠪᠠᠢᠨ᠎ᠠ᠃